ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ《ᠠᠵᠢᠭᠠᠨᠠ》ᠬᠢ᠊᠂ ᠬᠠ᠊᠂ ᠻᠤᠮᠫᠠᠨᠢ ᠳᠤ ᠠᠵᠢᠯᠯᠠᠯ᠎ᠠ᠃ ᠻᠣᠮᠫᠠᠨᠢ ᠢᠢᠨ ᠤᠳᠤᠷᠢᠳᠤᠯᠭ᠎ᠠ ᠨᠤᠭᠤᠳ 《ᠣᠷᠭᠢᠶ᠎ᠠ》 ᠲᠠᠬᠢᠶᠠᠨ ᠤ ᠦᠢᠯᠡᠳᠪᠦᠷᠢ᠂ ᠡᠬᠡ ᠰᠦᠷᠦᠭ ᠦᠨ ᠪᠠᠢᠢᠷᠢ᠂ ᠥᠨᠳᠡᠭᠡ ᠳᠠᠷᠤᠵᠤ ᠳᠡᠭᠳᠡᠭᠡᠬᠡᠢ ᠪᠣᠯᠭᠠᠬᠤ ᠢᠨ᠋ᠻᠦ᠋ᠪᠠᠲ᠋ᠤᠷ ᠪᠣᠯᠤᠨ ᠲᠠᠬᠢᠶ᠎ᠠ ᠥᠰᠬᠡᠬᠦ ᠪᠷᠣᠢᠢᠯᠧᠷ ᠼᠧᠬᠡ ᠪᠡᠨ ᠲᠠᠨᠢᠯᠴᠠᠭᠤᠯᠪᠠ᠃
ᠮᠠᠨ ᠤ ᠤᠯᠤᠰ ᠵᠢᠯ ᠳᠥ 22 ᠮᠢᠩ᠋ᠭ᠎ᠠ ᠭᠠᠷᠤᠢ ᠲᠤᠨᠠ ᠲᠠᠬᠢᠶᠠᠨ ᠤ ᠮᠢᠬ᠎ᠠ ᠢᠢ ᠭᠠᠳᠠᠭᠠᠳᠤ ᠠᠴᠠ 50-60 ᠰᠠᠶ᠎ᠠ ᠠᠮᠠ ᠳ᠋ᠣᠯᠯᠠᠷ ᠢᠶᠠᠷ ᠠᠪᠳᠠᠭ ᠪᠥᠭᠡᠳ ᠬᠡᠷᠡᠭᠯᠡᠭᠡ ᠵᠢᠯ ᠪᠦᠷᠢ 20 ᠬᠤᠪᠢ ᠪᠠᠷ ᠥᠰᠳᠡᠭ ᠰᠲ᠋ᠠᠲ᠋ᠢᠰᠲ᠋ᠢᠻ ᠦᠵᠡᠭᠦᠯᠦᠯᠲᠡ ᠪᠤᠢ᠃
《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠠᠵᠤ ᠠᠬᠤᠢ ᠢᠢᠨ ᠨᠢᠭᠡᠴᠡ ᠨᠤᠭᠦᠳ ᠲᠥ ᠪᠦᠬᠦ ᠲᠥᠷᠥᠯ ᠦᠨ ᠳᠡᠮᠵᠢᠯᠭᠡ ᠦᠵᠡᠭᠦᠯᠵᠦ᠂ ᠢᠷᠡᠬᠦ ᠲᠠᠪᠤᠨ ᠵᠢᠯ ᠳᠥ ᠲᠠᠬᠢᠶᠠᠨ ᠤ ᠮᠢᠬᠠᠨ ᠤ ᠬᠡᠷᠡᠭᠯᠡᠭᠡ ᠢᠢ ᠳᠣᠲᠣᠭᠠᠳᠤ ᠠᠴᠠ ᠪᠦᠷᠢᠨ ᠬᠠᠩ᠋ᠭᠠᠬᠤ ᠵᠣᠷᠢᠯᠲᠠ ᠲᠠᠯᠪᠢᠭᠰᠠᠨ ᠢ ᠬᠦᠨᠡᠰᠦ᠂ ᠬᠥᠳᠡᠭᠡ ᠠᠵᠤ ᠠᠬᠤᠢ᠂ ᠬᠥᠩ᠋ᠭᠡᠨ ᠦᠢᠯᠡᠳᠪᠦᠷᠢ ᠢᠢᠨ ᠲᠥᠷᠥ ᠢᠢᠨ ᠨᠠᠷᠢᠨ ᠪᠢᠴᠢᠭ᠌ ᠦᠨ ᠳᠠᠷᠤᠭ᠎ᠠ ᠲ᠊᠂ ᠵᠠᠮᠪᠠᠯᠴᠡᠷᠢᠩ ᠬᠡᠯᠡᠯ᠎ᠡ᠃
《ᠠᠵᠢᠭᠠᠨᠠ》 ᠻᠣᠮᠫᠠᠨᠢ ᠵᠢᠯ ᠳᠥ 1.000 ᠭᠠᠷᠤᠢ ᠲᠤᠨᠠ ᠪᠤᠶᠤ ᠳᠣᠲᠣᠭᠠᠳᠤ ᠢᠢᠨ ᠲᠠᠬᠢᠶᠠᠨ ᠤ ᠮᠢᠬᠠᠨ ᠤ ᠬᠡᠷᠡᠭᠯᠡᠭᠡᠨ ᠦ ᠲᠠᠪᠤᠨ ᠬᠤᠪᠢ ᠢᠢ ᠦᠢᠯᠡᠳᠪᠦᠷᠢᠯᠡᠵᠦ ᠪᠠᠢᠢᠨ᠎ᠠ᠃ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠰᠢᠪᠠᠭᠤᠨ ᠤ ᠠᠵᠤ ᠠᠬᠤᠢ ᠢᠢᠨ ᠪᠣᠯᠤᠨ ᠲᠡᠵᠢᠭᠡᠯ ᠦᠨ ᠦᠢᠯᠡᠳᠪᠦᠷᠢ ᠢᠢᠨ ᠲᠣᠨᠣᠭ ᠲᠥᠬᠦᠭᠡᠷᠦᠮᠵᠢ ᠢᠢ ᠨᠡᠮᠡᠭᠳᠡᠯ ᠥᠷᠲᠡᠭ ᠦᠨ ᠠᠯᠪᠠᠨ ᠲᠠᠲᠠᠪᠤᠷᠢ ᠠᠴᠠ ᠴᠢᠯᠦᠭᠡᠯᠡᠵᠦ᠂ ᠤᠷᠲᠤ ᠬᠤᠭᠤᠴᠠᠭ᠎ᠠ ᠲᠠᠢ᠂ ᠪᠠᠭ᠎ᠠ ᠬᠦ᠋ᠥ ᠲᠡᠢ ᠵᠡᠭᠡᠯᠡ ᠣᠯᠭᠤᠨ᠂ ᠪᠣᠳᠣᠯᠭ᠎ᠠ ᠢᠢᠨ ᠪᠤᠰᠤᠳ ᠳᠡᠮᠵᠢᠯᠭᠡ ᠦᠵᠡᠭᠦᠯᠵᠦ ᠪᠠᠢᠢᠭ᠎ᠠ᠃
《ᠠᠨᠵᠤᠭᠠᠨᠠ》ᠬᠢ᠊᠂ ᠬᠠ᠊᠂ ᠻᠤᠮᠫᠠᠨᠢ ᠢᠢᠨ ᠬᠤᠪᠢ ᠳᠤ ᠠᠪᠤᠭᠰᠠᠨ ᠵᠢᠭᠡᠯᠡ ᠪᠡᠷ ᠢᠶᠡᠨ ᠰᠢᠨ᠎ᠡ ᠢᠨ᠋ᠻᠦ᠋ᠪᠠᠲ᠋ᠤᠷ ᠰᠠᠭᠤᠷᠢᠯᠠᠭᠤᠯᠵᠤ /ᠢᠮᠫᠣᠷᠲ ᠤᠨ ᠲᠠᠲᠠᠪᠤᠷᠢ ᠠᠴᠠ ᠴᠢᠯᠦᠭᠡᠯᠡᠭᠳᠡᠭᠰᠡᠨ/᠂ ᠲᠡᠵᠢᠭᠡᠯ ᠦᠨ ᠦᠢᠯᠡᠳᠪᠦᠷᠢ ᠪᠡᠨ ᠥᠷᠭᠡᠳᠬᠡᠨ᠂ ᠬᠦᠴᠦᠨ ᠴᠢᠳᠠᠯ ᠢᠶᠠᠨ ᠨᠡᠮᠡᠵᠡᠢ᠃ ᠴᠢᠨᠠᠭᠰᠢᠳᠠ ᠲᠥᠬᠦᠭᠡᠷᠬᠦ ᠼᠧᠬᠡ ᠪᠡᠨ ᠠᠦ᠋ᠲ᠋ᠣᠮᠠᠲ᠋ᠵᠢᠭᠤᠯᠵᠤ᠂ ᠠᠦ᠋ᠲ᠋ᠣᠮᠠᠲ ᠤᠳᠤᠷᠢᠳᠤᠯᠭ᠎ᠠ᠂ ᠬᠢᠨᠠᠯᠲᠠ ᠢᠢᠨ ᠰᠢᠰᠲ᠋ᠧᠮ ᠨᠡᠪᠲᠡᠷᠡᠭᠦᠯᠬᠦ᠂ ᠡᠬᠡ ᠰᠦᠷᠦᠭ ᠦᠨ ᠬᠦᠴᠦᠨ ᠴᠢᠳᠠᠯ ᠢ 50 ᠬᠤᠪᠢ ᠨᠡᠮᠡᠭᠳᠡᠭᠦᠯᠬᠦ᠂ ᠬᠣᠷᠰᠢᠶᠠᠯᠠᠭᠴᠢᠳ ᠪᠣᠯᠤᠨ ᠲᠠᠬᠢᠶᠠᠨ ᠤ ᠠᠵᠤ ᠠᠬᠤᠢ ᠢᠢᠨ ᠨᠢᠭᠡᠴᠡ ᠨᠤᠭᠦᠳ ᠲᠡᠢ ᠬᠠᠮᠲᠤᠷᠠᠬᠤ᠂ ᠲᠠᠬᠢᠶᠠᠨ ᠤ ᠮᠢᠬᠠᠨ ᠤ ᠬᠡᠷᠡᠭᠯᠡᠭᠡᠨ ᠦ 20 ᠬᠤᠪᠢ ᠢᠢ ᠪᠦᠷᠢᠳᠦᠭᠦᠯᠬᠦ ᠵᠣᠷᠢᠯᠲᠠ ᠲᠠᠯᠪᠢᠭᠠᠳ ᠪᠠᠢᠢᠨ᠎ᠠ᠃
ᠲᠤᠰ ᠻᠣᠮᠫᠠᠨᠢ ᠥᠩ᠋ᠭᠡᠷᠡᠭᠰᠡᠨ ᠵᠢᠯ ᠦᠳ ᠲᠥ ᠤᠯᠤᠰ ᠤᠨ ᠲᠥᠰᠥᠪ ᠲᠥ 10 ᠲᠡᠷᠪᠤᠮ ᠲᠥᠭᠥᠷᠢᠭ᠌ ᠦᠨ ᠲᠠᠲᠠᠪᠤᠷᠢ ᠲᠥᠯᠦᠵᠡᠢ᠃