ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠡᠬᠡ ᠣᠷᠣᠨ ᠳᠠᠭᠠᠨ ᠬᠠᠷ᠎ᠠ ᠲᠤᠭᠤᠯᠭᠠᠨ ᠤ ᠪᠠᠲ᠋ᠠᠷᠧᠢ ᠢᠢ ᠳᠠᠪᠲᠠᠨ ᠪᠣᠯᠪᠠᠰᠤᠷᠠᠭᠤᠯᠬᠤ ᠦᠢᠯᠡᠳᠪᠦᠷᠢ ᠪᠠᠢᠢᠭᠤᠯᠤᠭᠰᠠᠨ 《ᠡᠯᠧᠻᠲ᠋ᠷᠣᠻᠧᠮ ᠮᠣᠩ᠋ᠭᠣᠯ》ᠬᠢ᠂ ᠬᠠ᠂ ᠻᠤᠮᠫᠠᠨᠢ᠍ ᠳᠤ ᠠᠵᠢᠯᠯᠠᠯ᠎ᠠ᠃
ᠲᠤᠰ ᠻᠣᠮᠫᠠᠨᠢ ᠬᠤ᠂ ᠪᠥ᠊᠂ ᠨᠠᠢᠢ᠊᠂ ᠭᠸ᠊᠂ ᠤᠯᠤᠰ᠂ ᠪᠥ᠊᠂ ᠨᠠᠢᠢ᠊᠂ ᠡ᠊᠂ ᠤᠯᠤᠰ᠂ ᠢᠲ᠋ᠠᠯᠢ ᠢᠢᠨ ᠥᠨᠳᠥᠷ ᠲᠧᠭᠨᠣᠯᠣᠭᠢ ᠪᠦᠬᠦᠢ᠂ ᠬᠠᠷ᠎ᠠ ᠲᠤᠭᠤᠯᠭᠠᠨ ᠤ ᠪᠠᠲ᠋ᠠᠷᠧᠢ ᠢᠢ ᠳᠠᠪᠲᠠᠨ ᠪᠣᠯᠪᠠᠰᠤᠷᠠᠭᠤᠯᠬᠤ ᠦᠢᠯᠡᠳᠪᠦᠷᠢ ᠪᠡᠨ ᠨᠢᠭᠡ ᠰᠠᠷ᠎ᠠ ᠢᠢᠨ ᠡᠮᠦᠨ᠎ᠡ ᠠᠰᠢᠭᠯᠠᠯᠲᠠ ᠳᠤ ᠣᠷᠣᠭᠤᠯᠤᠭᠰᠠᠨ ᠪᠠᠢᠢᠨ᠎ᠠ᠃ ᠦᠢᠯᠡᠳᠪᠦᠷᠢ ᠵᠢᠯ ᠳᠥ 800 ᠮᠢᠩ᠋ᠭᠠᠨ ᠰᠢᠷᠬᠡᠭ᠌ ᠪᠤᠶᠤ 12 ᠮᠢᠩ᠋ᠭᠠᠨ ᠲᠤᠨᠠ ᠪᠠᠲ᠋ᠠᠷᠧᠢ ᠳᠠᠪᠲᠠᠨ ᠪᠣᠯᠪᠠᠰᠤᠷᠠᠭᠤᠯᠬᠤ ᠬᠦᠴᠦᠨ ᠴᠢᠳᠠᠯ ᠲᠠᠢ᠂ ᠡᠨᠡ ᠨᠢ ᠣᠢᠢᠷ᠎ᠠ ᠢᠢᠨ 10 ᠵᠢᠯ ᠳᠥ ᠴᠤ ᠠᠰᠢᠭᠯᠠᠯᠲᠠ ᠠᠴᠠ ᠭᠠᠷᠬᠤ ᠪᠦᠬᠦ ᠪᠠᠲ᠋ᠠᠷᠧᠢ ᠢᠢ ᠳᠠᠪᠲᠠᠨ ᠪᠣᠯᠪᠠᠰᠤᠷᠠᠭᠤᠯᠵᠤ ᠴᠢᠳᠠᠨ᠎ᠠ ᠭᠡᠰᠡᠨ ᠦᠭᠡ ᠶᠤᠮ᠃
ᠦᠢᠯᠡᠳᠪᠦᠷᠢ ᠲᠧᠭᠨᠣᠯᠣᠭᠢ ᠢᠢᠨ ᠬᠠᠶᠠᠭᠳᠠᠯ ᠭᠠᠷᠭᠠᠳᠠᠭ ᠦᠭᠡᠢ᠂ ᠬᠡᠷᠡᠭᠯᠡᠭᠰᠡᠨ ᠤᠰᠤ ᠪᠠᠨ ᠴᠡᠪᠡᠷᠯᠡᠵᠦ ᠳᠠᠬᠢᠨ ᠠᠰᠢᠭᠯᠠᠳᠠᠭ᠂ ᠢᠵᠢᠯ ᠲᠥᠰᠲᠡᠢ ᠪᠤᠰᠤᠳ ᠦᠢᠯᠡᠳᠪᠦᠷᠢ ᠲᠡᠢ ᠬᠠᠷᠢᠴᠠᠭᠤᠯᠬᠤ ᠳᠤ 30 ᠣᠷᠴᠢᠮ ᠬᠤᠪᠢ ᠢᠢᠨ ᠪᠠᠭ᠎ᠠ ᠳᠤᠯᠠᠭᠠᠨ᠂ ᠴᠠᠬᠢᠯᠭᠠᠨ ᠵᠠᠷᠤᠴᠠᠭᠤᠯᠳᠠᠭ ᠵᠡᠷᠭᠡ ᠳᠠᠪᠠᠭᠤ ᠲᠠᠯ᠎ᠠ ᠲᠠᠢ ᠢᠢ ᠻᠣᠮᠫᠠᠨᠢ ᠢᠢᠨ ᠤᠳᠤᠷᠢᠳᠤᠯᠭ᠎ᠠ ᠨᠤᠭᠤᠳ ᠲᠠᠨᠢᠯᠴᠠᠭᠤᠯᠤᠯ᠎ᠠ᠃
ᠠᠰᠢᠭᠯᠠᠯᠲᠠ ᠠᠴᠠ ᠭᠠᠷᠤᠭᠰᠠᠨ ᠬᠠᠷ᠎ᠠ ᠲᠤᠭᠤᠯᠭᠠᠨ ᠤ ᠪᠠᠲ᠋ᠠᠷᠧᠢ ᠬᠣᠣᠷᠲᠤ ᠬᠠᠪᠤᠳᠠᠷ ᠡᠭᠦᠰᠭᠡᠬᠦ ᠥᠨᠳᠥᠷ ᠡᠷᠦᠰᠳᠡᠯᠲᠡᠢ᠂ ᠳᠡᠯᠡᠬᠡᠢ ᠨᠡᠢᠢᠲᠡ ᠳᠥ ᠠᠶᠤᠯᠲᠠᠢ ᠬᠣᠭ ᠬᠠᠶᠠᠭᠳᠠᠯ ᠳᠤ ᠲᠣᠭᠠᠴᠠᠭᠳᠠᠳᠠᠭ᠃ ᠮᠠᠨ ᠤ ᠤᠯᠤᠰ ᠲᠤ ᠵᠢᠯ ᠳᠥ 500 ᠮᠢᠩ᠋ᠭ᠎ᠠ ᠭᠠᠷᠤᠢ ᠪᠠᠲ᠋ᠠᠷᠧᠢ ᠬᠠᠶᠠᠭᠳᠠᠳᠠᠭ ᠪᠥᠭᠡᠳ ᠬᠠᠷ᠎ᠠ ᠲᠤᠭᠤᠯᠭᠠᠨ ᠤ ᠪᠣᠬᠢᠷᠳᠠᠯ ᠵᠥᠪᠰᠢᠶᠡᠷᠡᠭᠳᠡᠬᠥ ᠬᠡᠮᠵᠢᠶᠡᠨ ᠡᠴᠡ 500-600 ᠳᠠᠬᠢᠨ ᠶᠡᠬᠡ ᠭᠡᠰᠡᠨ ᠰᠤᠳᠤᠯᠭ᠎ᠠ ᠪᠠᠢᠢᠳᠠᠭ᠃ ᠡᠢᠢᠮᠦ ᠦᠶ᠎ᠡ ᠳᠥ ᠬᠦᠮᠦᠨ ᠦ ᠡᠷᠡᠭᠦᠯ ᠮᠡᠨᠳᠦ᠂ ᠪᠠᠢᠢᠭᠠᠯᠢ ᠤᠷᠴᠢᠨ ᠳᠤ ᠡᠭᠡᠯᠢᠲᠡᠢ᠂ ᠬᠠᠶᠠᠭᠳᠠᠯ ᠦᠭᠡᠢ ᠲᠧᠭᠨᠣᠯᠣᠭᠢ ᠠᠰᠢᠭᠯᠠᠨ᠂ ᠰᠲ᠋ᠷᠠᠲ᠋ᠧᠭᠢ ᠢᠢᠨ ᠠᠴᠢ ᠬᠣᠯᠪᠣᠭᠳᠠᠯ ᠲᠠᠢ ᠦᠢᠯᠡᠳᠪᠦᠷᠢ ᠪᠠᠢᠢᠭᠤᠯᠤᠭᠰᠠᠨ ᠻᠣᠮᠫᠠᠨᠢ ᠢᠢᠨ ᠤᠳᠤᠷᠢᠳᠤᠯᠭ᠎ᠠ᠂ ᠬᠠᠮᠲᠤ ᠣᠯᠠᠨ᠂ ᠭᠠᠳᠠᠭᠠᠳᠤ ᠢᠢᠨ ᠲᠦᠩᠰᠢ ᠪᠠᠢᠢᠭᠤᠯᠤᠯᠭ᠎ᠠ ᠨᠤᠭᠤᠳ ᠲᠤ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠠᠯᠠᠷᠬᠠᠯ ᠢᠯᠡᠷᠬᠡᠢᠢᠯᠡᠯ᠎ᠡ᠃
《ᠡᠯᠧᠻᠲ᠋ᠷᠣᠻᠧᠮ ᠮᠣᠩ᠋ᠭᠣᠯ》ᠬᠢ᠂ ᠬᠠ᠂ ᠻᠤᠮᠫᠠᠨᠢ᠍ ᠪᠠᠲ᠋ᠠᠷᠧᠢ ᠢᠢᠨ ᠬᠠᠢᠢᠷᠴᠠᠭ ᠢ ᠳᠠᠪᠲᠠᠨ ᠪᠣᠯᠪᠠᠰᠤᠷᠠᠭᠤᠯᠵᠤ᠂ ᠫᠣᠯᠢᠫᠷᠣᠫᠢᠯᠧᠨ ᠬᠤᠪᠠᠨᠴᠢᠷ ᠭᠠᠷᠭᠠᠨ ᠠᠪᠴᠤ ᠬᠤᠪᠠᠨᠴᠢᠷ ᠫᠣᠳ᠋ᠳᠤᠨ᠂ ᠠᠷᠮᠠᠲ᠋ᠦ᠋ᠷ ᠤᠨ ᠲᠤᠰᠠᠭᠠᠷᠯᠠᠭᠴᠢ ᠦᠢᠯᠡᠳᠪᠦᠷᠢᠯᠡᠵᠦ ᠳᠣᠲᠣᠭᠠᠳᠤ ᠢᠢᠨ ᠵᠠᠬ᠎ᠠ ᠵᠡᠭᠡᠯᠢ ᠳᠥ ᠨᠡᠢᠢᠯᠡᠭᠦᠯᠬᠦ ᠪᠡᠷ ᠲᠥᠯᠥᠪᠯᠡᠭᠰᠡᠨ ᠪᠠᠢᠢᠨ᠎ᠠ᠃
ᠲᠤᠬᠠᠢᠢᠯᠠᠪᠠᠯ ᠵᠢᠯ ᠳᠥ 5.000 ᠲᠣᠨᠠ ᠪᠠᠲ᠋ᠠᠷᠧᠢ ᠳᠠᠪᠲᠠᠨ ᠪᠣᠯᠪᠠᠰᠤᠷᠠᠭᠤᠯᠵᠤ 360 ᠲᠣᠨᠠ ᠫᠣᠯᠢᠫᠷᠣᠫᠢᠯᠧᠨ ᠬᠤᠪᠠᠨᠴᠢᠷ ᠭᠠᠷᠭᠠᠨ᠂ 36 ᠮᠢᠩ᠋ᠭᠠᠨ ᠰᠢᠷᠬᠡᠭ᠌ ᠬᠤᠪᠠᠨᠴᠢᠷ ᠫᠣᠳ᠋ᠳᠤᠨ ᠦᠢᠯᠡᠳᠪᠦᠷᠢᠯᠡᠬᠦ ᠪᠣᠯᠤᠮᠵᠢᠲᠠᠢ᠃ ᠡᠨᠡ ᠨᠢ ᠮᠣᠳᠣᠨ ᠫᠣᠳ᠋ᠳᠤᠨ ᠢ ᠣᠷᠣᠯᠠᠬᠤ ᠪᠥᠭᠡᠳ ᠠᠰᠢᠭᠯᠠᠯᠲᠠ ᠢᠢᠨ ᠬᠤᠭᠤᠴᠠᠭᠠᠨ ᠳᠠᠭᠠᠨ 4.000 ᠣᠷᠴᠢᠮ ᠨᠠᠷᠠᠰᠤ ᠮᠣᠳᠣ ᠢᠢ ᠲᠠᠭᠠᠷᠢᠬᠤ ᠠᠴᠠ ᠬᠠᠮᠠᠭᠠᠯᠠᠨ᠎ᠠ ᠭᠡᠰᠡᠨ ᠦᠭᠡ ᠶᠤᠮ᠃
ᠵᠢᠯ ᠳᠥ ᠮᠥᠨ ᠲᠣᠭᠠᠨ ᠤ ᠪᠠᠲ᠋ᠠᠷᠧᠢ ᠳᠠᠪᠲᠠᠨ ᠪᠣᠯᠪᠠᠰᠤᠷᠠᠭᠤᠯᠵᠤ᠂ ᠲᠡᠭᠦᠨ ᠳᠥ ᠠᠭᠤᠯᠤᠭᠳᠠᠬᠤ 1.000 ᠲᠣᠨᠠ ᠬᠦᠬᠦᠷ ᠦᠨ ᠬᠦᠴᠢᠯ ᠦᠨ ᠠᠭᠤᠰᠤᠮᠠᠯ ᠬᠠᠶᠠᠭᠳᠠᠬᠤ ᠠᠴᠠ ᠰᠡᠷᠭᠡᠢᠢᠯᠡᠵᠦ᠂ 200 ᠣᠷᠴᠢᠮ ᠲᠤᠨᠠ ᠭᠥᠯᠲᠦᠭᠡᠨ᠌ ᠡ ᠦᠢᠯᠡᠳᠪᠦᠷᠢᠯᠡᠬᠦ ᠶᠤᠮ ᠪᠠᠢᠢᠨ᠎ᠠ᠃
ᠪᠠᠲ᠋ᠠᠷᠧᠢ ᠢᠢᠨ ᠤ ᠱᠣᠩ᠂ ᠬᠣᠯᠪᠣᠭᠠᠰᠤ᠂ ᠬᠠᠪᠲᠠᠩ ᠪᠣᠯᠤᠨ ᠰᠢᠪᠠᠭᠠᠰᠤ ᠢᠢ ᠴᠤ ᠳᠠᠪᠲᠠᠨ ᠪᠣᠯᠪᠠᠰᠤᠷᠠᠭᠤᠯᠵᠤ᠂ 99.97 ᠬᠤᠪᠢ ᠠᠴᠠ ᠳᠡᠭᠡᠭ᠍ᠰᠢ ᠴᠡᠪᠡᠷᠰᠢᠯᠲᠡ ᠲᠡᠢ ᠴᠡᠪᠡᠷ ᠬᠠᠷ᠎ᠠ ᠲᠤᠭᠤᠯᠭ᠎ᠠ ᠦᠢᠯᠡᠳᠪᠦᠷᠢᠯᠡᠵᠦ ᠡᠻᠰᠫᠣᠷᠲ᠋ ᠳᠣ ᠭᠠᠷᠭᠠᠨ᠎ᠠ᠃ ᠴᠡᠪᠡᠷ ᠬᠠᠷ᠎ᠠ ᠲᠤᠭᠤᠯᠭ᠎ᠠ ᠪᠠᠷ ᠨᠡᠮᠡᠭᠦᠦ ᠥᠷᠲᠡᠭ ᠰᠢᠩ᠋ᠭᠡᠭ᠍ᠰᠡᠨ ᠪᠦᠲᠦᠭᠡᠭ᠍ᠳᠡᠬᠦᠨ᠂ ᠲᠤᠬᠠᠢᠢᠯᠠᠪᠠᠯ ᠷᠧᠨ᠋ᠲ᠋ᠭᠧᠨ ᠲᠤᠶᠠᠭ᠎ᠠ ᠲᠤᠰᠠᠭᠠᠷᠯᠠᠬᠤ ᠬᠠᠪᠲᠠᠩ᠂ ᠻᠠᠲ᠋ᠣᠳ᠋ ᠍ ᠤᠨ ᠵᠡᠰ ᠦᠨ ᠦᠢᠯᠡᠳᠪᠦᠷᠢᠯᠡᠯ ᠦᠨ ᠲᠧᠭᠨᠣᠯᠣᠭᠢ ᠢᠢᠨ ᠬᠠᠪᠲᠠᠩ ᠦᠢᠯᠡᠳᠪᠦᠷᠢᠯᠡᠳᠡᠭ ᠶᠤᠮ᠃
《ᠡᠯᠧᠻᠲ᠋ᠷᠣᠻᠧᠮ ᠮᠣᠩ᠋ᠭᠣᠯ》ᠬᠢ᠂ ᠬᠠ᠂ ᠻᠤᠮᠫᠠᠨᠢ᠍ ᠡᠮᠦᠨ᠎ᠡ ᠪᠤᠶᠤ 2018 ᠣᠨ ᠠᠴᠠ ᠡᠭᠦᠷ ᠦᠨ ᠲᠧᠯᠧᠹᠣᠨ ᠻᠣᠮᠫᠠᠨᠢ ᠨᠤᠭᠤᠳ ᠤᠨ ᠪᠣᠯᠤᠨ ᠲᠡᠭᠡᠭᠡᠪᠦᠷᠢ ᠢᠢᠨ ᠬᠡᠷᠡᠭᠰᠡᠯ ᠦᠨ ᠠᠰᠢᠭᠯᠠᠯᠲᠠ ᠠᠴᠠ ᠭᠠᠷᠤᠭᠰᠠᠨ ᠪᠠᠲ᠋ᠠᠷᠧᠢ ᠢᠢ ᠳᠠᠬᠢᠨ ᠰᠡᠷᠭᠦᠭᠡᠬᠦ ᠦᠢᠯᠡᠴᠢᠯᠡᠭᠡ ᠦᠵᠡᠭᠦᠯᠵᠦ ᠪᠠᠢᠢᠵᠠᠢ᠃