Та "Internet explorer"-ийн сүүлийн хувилбар болох "Microsoft edge"-г ашиглана уу

Хэрэв "Microsoft edge"-г татах бол энд дарж татаж авна уу

《ᠣᠭ᠍ᠶᠤ ᠲᠣᠯᠣᠭᠠᠢ》 ᠬᠢ‍᠂ ᠬᠠ‍᠂ ᠻᠤᠮᠫᠠᠨᠢ 220 ᠮᠢᠩ᠋ᠭᠠᠨ ᠮᠣᠳᠤ ᠲᠠᠷᠢᠵᠤ ᠤᠷᠭᠤᠭᠤᠯᠤᠭᠠᠳ ᠪᠠᠢᠢᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠡᠷᠡᠭᠵᠢᠯᠲᠡᠲᠡᠢ ᠲᠠᠨᠢᠯᠴᠠᠬᠤ᠂ ᠡᠷᠴᠢᠮᠵᠢᠭᠦᠯᠬᠦ ᠵᠣᠷᠢᠯᠭ᠎ᠠ ᠪᠠᠷ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠢᠢᠨ ᠵᠠᠬᠢᠷᠤᠮᠵᠢ ᠪᠠᠷ ᠪᠠᠢᠢᠭᠤᠯᠤᠭᠳᠠᠭᠰᠠᠨ ᠠᠵᠢᠯ ᠤᠨ ᠬᠡᠰᠡᠭ ᠡᠮᠦᠨᠡᠭᠣᠪᠢ ᠠᠢᠢᠮᠠᠭ ᠤᠨ ᠬᠠᠨᠪᠣᠭᠳᠠ ᠰᠤᠮᠤᠨ ᠳᠤ ᠪᠠᠢᠢᠷᠢᠯᠠᠬᠤ 《ᠣᠭ᠍ᠶᠤ ᠲᠣᠯᠣᠭᠠᠢ》ᠬᠢ‍᠂ ᠬᠠ‍᠂ ᠻᠤᠮᠫᠠᠨᠢ ᠍ ᠳᠤ ᠠᠵᠢᠯᠯᠠᠯ᠎ᠠ᠃

《ᠣᠭ᠍ᠶᠤ ᠲᠣᠯᠣᠭᠠᠢ》ᠬᠢ‍᠂ ᠬᠠ‍᠂ ᠻᠤᠮᠫᠠᠨᠢ ᠨᠢ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠢ ᠳᠡᠮᠵᠢᠨ 100 ᠰᠠᠶ᠎ᠠ ᠮᠣᠳᠣ ᠲᠠᠷᠢᠵᠤ᠂ ᠤᠷᠭᠤᠭᠤᠯᠬᠤ ᠠᠮᠠᠯᠠᠯᠲᠠ ᠥᠭ᠍ᠭᠦᠭ᠍ᠰᠡᠨ ᠶᠤᠮ᠃ ᠮᠥᠨ ᠡᠮᠦᠨᠡᠭᠣᠪᠢ ᠠᠢᠢᠮᠠᠭ ᠲᠠᠭᠠᠨ 3.5 ᠰᠠᠶ᠎ᠠ ᠮᠣᠳᠣ ᠲᠠᠷᠢᠬᠤ ᠪᠠᠷ ᠪᠠᠲᠤᠯᠠᠮᠵᠢᠯᠠᠭᠰᠠᠨ᠃

ᠡᠨᠡ ᠬᠦᠷᠢᠶᠡᠨ ᠳᠥ ᠭᠤᠷᠪᠠᠨ ᠦᠶ᠎ᠡ ᠱᠠᠲᠤ ᠪᠦᠬᠦᠢ 《100 ᠰᠠᠶ᠎ᠠ ᠮᠣᠳᠣ》 ᠬᠥᠲᠥᠯᠪᠦᠷᠢ ᠢᠢ ᠬᠡᠷᠡᠭᠵᠢᠭᠦᠯᠵᠦ ᠪᠠᠢᠢᠨ᠎ᠠ᠃ ᠲᠤᠰ ᠻᠣᠮᠫᠠᠨᠢ ᠨᠡᠢᠢᠲᠡ 63.5 ᠰᠠᠶ᠎ᠠ ᠮᠣᠳᠣ ᠢᠢ ᠲᠠᠷᠢᠵᠤ ᠤᠷᠭᠤᠭᠤᠯᠤᠨ᠂ 《ᠣᠢᠢᠵᠢᠭᠤᠯᠤᠯᠲᠠ᠂ ᠣᠢ ᠢᠢᠨ ᠠᠵᠤ ᠠᠬᠤᠢ ᠢᠢᠨ ᠠᠷᠭ᠎ᠠ ᠬᠡᠮᠵᠢᠶᠡᠨ ᠦ ᠵᠠᠷᠤᠳᠠᠯ ᠤᠨ ᠨᠣᠷᠮᠠᠲ᠋ᠢᠸ》 ᠍ ᠳᠤ ᠦᠨᠳᠦᠰᠦᠯᠡᠨ 40 ᠰᠠᠶ᠎ᠠ ᠮᠣᠳᠣ ᠲᠠᠢ ᠳᠦᠢᠴᠡᠬᠦ ᠬᠥᠷᠥᠩ᠋ᠭᠡ ᠣᠷᠣᠭᠤᠯᠤᠯᠲᠠ ᠢᠢ ᠣᠢ ᠢᠢᠨ ᠰᠠᠯᠪᠤᠷᠢ ᠢᠢᠨ ᠮᠡᠷᠭᠡᠵᠢᠯ ᠦᠨ ᠪᠣᠯᠪᠠᠰᠤᠨ ᠬᠦᠴᠦᠨ ᠪᠡᠯᠡᠳᠬᠡᠬᠦ᠂ ᠰᠤᠳᠤᠯᠭ᠎ᠠ᠂ ᠢᠨ᠋᠊ᠨᠣᠸᠠᠼ ᠢ ᠳᠡᠮᠵᠢᠬᠦ᠂ ᠣᠢᠢᠵᠢᠭᠤᠯᠤᠯᠲᠠ ᠢᠢᠨ ᠳᠡᠳ᠋ ᠪᠦᠲᠦᠴᠡ ᠢᠢ ᠬᠥᠭ᠍ᠵᠢᠭᠦᠯᠬᠦ ᠬᠡᠯᠪᠡᠷᠢ ᠪᠡᠷ ᠬᠢᠬᠦ ᠪᠡᠷ ᠲᠥᠯᠥᠪᠯᠡᠭᠰᠡᠨ ᠪᠠᠢᠢᠨ᠎ᠠ᠃

ᠲᠤᠬᠠᠢᠢᠯᠠᠪᠠᠯ᠂ 63.5 ᠰᠠᠶ᠎ᠠ ᠮᠣᠳᠣ ᠢᠢ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠵᠣᠷᠢᠯᠲᠠ ᠨᠤᠭᠤᠳ ᠲᠠᠢ ᠤᠶᠠᠯᠳᠤᠭᠤᠯᠤᠨ ᠨᠡᠢᠢᠲᠡ 22 ᠮᠢᠩ᠋ᠭᠠᠨ ᠭᠠ ᠲᠠᠯᠠᠪᠠᠢ ᠳᠤ ᠲᠠᠷᠢᠬᠤ ᠶᠤᠮ᠃ ᠡᠭᠦᠨ ᠳᠥ᠄

• ᠳᠣᠷᠣᠢᠢᠲᠠᠭᠰᠠᠨ ᠣᠢ ᠢᠢ ᠨᠥᠬᠥᠨ ᠰᠡᠷᠭᠦᠭᠡᠵᠦ᠂ ᠣᠢᠢᠵᠢᠭᠤᠯᠬᠤ ᠵᠣᠷᠢᠯᠭ᠎ᠠ ᠪᠠᠷ 42 ᠰᠠᠶ᠎ᠠ ᠮᠣᠳᠣ᠂

• ᠡᠪᠳᠡᠷᠡᠵᠥ᠂ ᠡᠵᠡᠭᠦᠢ ᠣᠷᠬᠢᠭᠳᠠᠭᠰᠠᠨ ᠭᠠᠵᠠᠷ ᠢ ᠨᠥᠬᠥᠨ ᠰᠡᠷᠭᠦᠭᠡᠬᠦ ᠵᠣᠷᠢᠯᠭ᠎ᠠ ᠪᠠᠷ 10 ᠰᠠᠶ᠎ᠠ ᠮᠣᠳᠣ᠂

• ᠴᠥᠯᠵᠢᠯᠲᠡ ᠢᠢ ᠰᠠᠭᠠᠷᠠᠭᠤᠯᠬᠤ᠂ ᠵᠠᠭ ᠤᠨ ᠣᠢ ᠢᠢ ᠨᠥᠬᠥᠨ ᠰᠡᠷᠭᠦᠭᠡᠬᠦ ᠵᠣᠷᠢᠯᠭ᠎ᠠ ᠪᠠᠷ 6.5 ᠰᠠᠶ᠎ᠠ ᠮᠣᠳᠣ᠂

• ᠭᠣᠣᠯ ᠤᠨ ᠲᠠᠲᠠᠮ ᠢ ᠣᠢᠢᠵᠢᠭᠤᠯᠬᠤ ᠵᠠᠮ ᠢᠶᠠᠷ ᠤᠷᠤᠰᠠᠴᠠ ᠢᠢ ᠨᠡᠮᠡᠭᠳᠡᠭᠦᠯᠬᠦ ᠵᠣᠷᠢᠯᠭ᠎ᠠ ᠪᠠᠷ 3.2 ᠰᠠᠶ᠎ᠠ ᠮᠣᠳᠣ᠂

• ᠬᠣᠲᠠ ᠰᠠᠭᠤᠷᠢᠨ ᠭᠠᠵᠠᠷ ᠤᠨ ᠨᠣᠭᠣᠭᠠᠨ ᠪᠠᠢᠢᠭᠤᠯᠤᠮᠵᠢ ᠢᠢ ᠨᠡᠮᠡᠭᠳᠡᠭᠦᠯᠬᠦ ᠵᠣᠷᠢᠯᠭ᠎ᠠ ᠪᠠᠷ 500 ᠮᠢᠩ᠋ᠭᠠᠨ ᠮᠣᠳᠣ᠂

• ᠠᠭᠷᠣ‍ ᠢᠢᠨ ᠵᠤᠷᠪᠤᠰ᠂ ᠵᠢᠮᠢᠰ ᠦᠨ ᠠᠵᠤ ᠠᠬᠤᠢ ᠪᠠᠢᠢᠭᠤᠯᠬᠤ ᠵᠣᠷᠢᠯᠭ᠎ᠠ ᠪᠠᠷ 400 ᠮᠢᠩ᠋ᠭᠠᠨ ᠮᠣᠳᠣ᠂

• ᠠᠦ᠋ᠲ᠋ᠣ᠋ ᠵᠠᠮ ᠤᠨ ᠳᠠᠭᠠᠭᠤ ᠬᠠᠮᠠᠭᠠᠯᠠᠯᠲᠠ ᠢᠢᠨ ᠣᠢ ᠢᠢᠨ ᠵᠤᠷᠪᠤᠰ ᠪᠠᠢᠢᠭᠤᠯᠬᠤ ᠵᠣᠷᠢᠯᠭ᠎ᠠ ᠪᠠᠷ 3.900 ᠮᠣᠳᠣ ᠢᠢ ᠲᠤᠰ ᠲᠤᠰ ᠲᠠᠷᠢᠬᠤ ᠲᠣᠭᠠᠴᠠᠭᠠᠯᠠᠯ ᠭᠠᠷᠭᠠᠭᠰᠠᠨ ᠪᠠᠢᠢᠨ᠎ᠠ᠃

ᠡᠭᠦᠨ ᠡᠴᠡ ᠡᠮᠦᠨᠡᠭᠣᠪᠢ ᠠᠢᠢᠮᠠᠭ ᠤᠨ ᠨᠤᠲᠤᠭ᠂ ᠪᠣᠭᠳᠠ ᠬᠠᠨ ᠠᠭᠤᠯᠠ ᠢᠢᠨ ᠪᠥᠰᠡ᠂ ᠠᠭᠤᠷᠬᠠᠢ ᠢᠢᠨ ᠲᠠᠯᠠᠪᠠᠢ ᠳᠤ 2022-2023 ᠣᠨ ᠳᠤ 220 ᠮᠢᠩ᠋ᠭ᠎ᠠ ᠭᠠᠷᠤᠢ ᠮᠣᠳᠣ ᠲᠠᠷᠢᠵᠤ ᠤᠷᠭᠤᠭᠤᠯᠤᠨ᠂ 900 ᠮᠢᠩ᠋ᠭ᠎ᠠ ᠭᠠᠷᠤᠢ ᠲᠠᠷᠢᠴᠠ᠂ ᠰᠠᠭᠤᠯᠭᠠᠴᠠ ᠢᠢᠨ ᠨᠥᠭᠡᠴᠡ ᠪᠦᠷᠢᠳᠦᠭᠦᠯᠵᠡᠢ᠃

《ᠣᠭ᠍ᠶᠤ ᠲᠣᠯᠣᠭᠠᠢ》ᠬᠢ‍᠂ ᠬᠠ‍᠂ ᠻᠤᠮᠫᠠᠨᠢ ᠨᠢ ᠬᠠᠨᠪᠣᠭᠳᠠ ᠰᠤᠮᠤᠨ ᠳᠤ ᠪᠠᠢᠢᠭᠠᠯᠢ ᠢᠢᠨ ᠤᠷᠭᠤᠮᠠᠯ ᠤᠨ ᠦᠷᠡᠵᠢᠭᠦᠯᠭᠡ ᠢᠢᠨ ᠭᠠᠵᠠᠷ ᠢ 2010 ᠣᠨ ᠳᠤ ᠪᠠᠢᠢᠭᠤᠯᠵᠤ᠂ ᠭᠣᠪᠢ ᠢᠢᠨ ᠪᠥᠰᠡ ᠨᠤᠲᠤᠭ ᠤᠨ 50 ᠭᠠᠷᠤᠢ ᠵᠦᠢᠯ ᠦᠨ ᠤᠷᠭᠤᠮᠠᠯ ᠢ ᠦᠷ᠎ᠡ ᠪᠡᠷ ᠦᠷᠡᠵᠢᠭᠦᠯᠬᠦ ᠲᠤᠷᠰᠢᠯᠲᠠ ᠢᠢ ᠬᠢᠭ᠍ᠰᠡᠨ ᠡᠴᠡ 48 ᠵᠦᠢᠯ ᠤᠷᠭᠤᠮᠠᠯ ᠠᠮᠵᠢᠯᠲᠠᠲᠠᠢ ᠤᠷᠭᠤᠭᠰᠠᠨ ᠪᠠᠢᠢᠨ᠎ᠠ᠃

ᠡᠨᠡ ᠲᠤᠷᠰᠢᠯᠭ᠎ᠠ ᠳᠠᠭᠠᠨ ᠦᠨᠳᠦᠰᠦᠯᠡᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠭᠣᠪᠢ ᠢᠢᠨ ᠪᠥᠰᠡ ᠢᠢᠨ ᠤᠷᠭᠤᠮᠠᠯ ᠤᠨ ᠦᠷ᠎ᠡ ᠢᠢᠨ ᠪᠠᠩᠻᠢ ᠪᠦᠬᠦᠢ ᠭᠧᠨᠧᠲ᠋ᠢᠻ ᠨᠥᠭᠡᠴᠡ ᠢᠢᠨ ᠲᠥᠪ ᠦᠨ ᠪᠦᠲᠦᠭᠡᠨ ᠪᠠᠢᠢᠭᠤᠯᠤᠯᠲᠠ ᠢᠢ ᠣᠢᠢᠷ᠎ᠠ ᠢᠢᠨ ᠬᠤᠭᠤᠴᠠᠭᠠᠨ ᠳᠤ ᠡᠬᠢᠯᠡᠭᠦᠯᠬᠦ ᠪᠡᠷ ᠠᠵᠢᠯᠯᠠᠵᠤ ᠪᠠᠢᠢᠨ᠎ᠠ᠃

ᠭᠣᠪᠢ ᠢᠢᠨ ᠪᠥᠰᠡ ᠳᠥ ᠣᠢᠢᠵᠢᠭᠤᠯᠤᠯᠲᠠ ᠢᠢ ᠠᠮᠵᠢᠯᠲᠠᠲᠠᠢ ᠬᠢᠬᠦ ᠢᠢᠨ ᠲᠤᠯᠠᠳᠠ ᠲᠤᠬᠠᠢ ᠢᠢᠨ ᠪᠥᠰᠡ ᠨᠤᠲᠤᠭ ᠤᠨ ᠠᠭᠤᠷ ᠠᠮᠢᠰᠬᠤᠯ ᠳᠤ ᠳᠠᠰᠤᠨ ᠵᠣᠬᠢᠴᠠᠭᠰᠠᠨ᠂ ᠠᠮᠢᠳᠤᠷᠠᠬᠤ ᠴᠢᠳᠠᠪᠤᠷᠢ ᠲᠠᠢ ᠤᠷᠭᠤᠮᠠᠯ ᠢ ᠦᠷ᠎ᠡ ᠡᠴᠡ ᠦᠷᠡᠵᠢᠭᠦᠯᠦᠨ ᠲᠠᠷᠢᠬᠤ ᠨᠢ ᠬᠠᠮᠤᠭ ᠤᠨ ᠲᠣᠬᠢᠷᠠᠮᠵᠢᠲᠠᠢ ᠪᠥᠭᠡᠳ ᠭᠣᠪᠢ ᠢᠢᠨ ᠤᠷᠭᠤᠮᠠᠯ ᠤᠨ ᠭᠧᠨᠧᠲ᠋ᠢᠻ ᠨᠥᠭᠡᠴᠡ ᠢᠢ ᠪᠦᠷᠢᠳᠦᠭᠦᠯᠬᠦ ᠨᠢ ᠨᠡᠩ ᠬᠣᠪᠣᠷᠳᠠᠭᠰᠠᠨ ᠮᠣᠳᠣ᠂ ᠤᠷᠭᠤᠮᠠᠯ ᠤᠨ ᠵᠦᠢᠯ ᠦᠳ ᠢ ᠬᠠᠮᠠᠭᠠᠯᠠᠬᠤ᠂ ᠴᠥᠯᠵᠢᠯᠲᠡ᠂ ᠰᠢᠷ᠎ᠠ ᠰᠢᠷᠤᠢ ᠢᠢᠨ ᠰᠢᠭᠤᠷᠭ᠎ᠠ ᠢᠢ ᠰᠠᠭᠠᠷᠠᠭᠤᠯᠬᠤ ᠳᠤ ᠣᠨᠴᠠᠭᠠᠢ ᠠᠴᠢ ᠬᠣᠯᠪᠣᠭᠳᠠᠯᠲᠠᠢ ᠭᠡᠳᠡᠭ ᠢ ᠮᠡᠷᠭᠡᠵᠢᠯᠲᠡᠨ ᠨᠤᠭᠦᠳ ᠡᠨᠡ ᠦᠶ᠎ᠡ ᠪᠡᠷ ᠣᠨᠴᠠᠯᠠᠵᠤ ᠪᠠᠢᠢᠪᠠ᠃

ᠲᠡᠭᠦᠨᠴᠢᠯᠡᠨ ᠲᠠᠷᠢᠴᠠ᠂ ᠰᠠᠭᠤᠯᠭᠠᠴᠠ ᠢᠢᠨ ᠨᠥᠭᠡᠴᠡ ᠢᠢ ᠨᠡᠮᠡᠭᠳᠡᠭᠦᠯᠬᠦ᠂ ᠣᠢ ᠢᠢᠨ ᠰᠠᠯᠪᠤᠷᠢ ᠢᠢᠨ ᠳᠡᠳ᠋ ᠪᠦᠲᠦᠴᠡ ᠢᠢ ᠪᠡᠬᠢᠵᠢᠭᠦᠯᠬᠦ ᠵᠣᠷᠢᠯᠭ᠎ᠠ ᠪᠠᠷ ᠡᠮᠦᠨᠡᠭᠣᠪᠢ ᠠᠢᠢᠮᠠᠭ ᠤᠨ ᠲᠠᠪᠤᠨ ᠰᠤᠮᠤᠨ ᠳᠤ ᠮᠣᠳᠣ ᠦᠷᠡᠵᠢᠭᠦᠯᠭᠡ ᠢᠢᠨ ᠪᠦᠲᠦᠭᠡᠨ ᠪᠠᠢᠢᠭᠤᠯᠤᠯᠲᠠ ᠢᠢ ᠡᠨᠡ ᠣᠨ ᠳᠠᠭᠠᠨ ᠪᠠᠭᠲᠠᠭᠠᠨ ᠳᠠᠭᠤᠰᠬᠠᠬᠤ ᠪᠠᠷ ᠠᠵᠢᠯᠯᠠᠵᠤ ᠪᠠᠢᠢᠭ᠎ᠠ ᠶᠤᠮ᠃

ᠲᠣᠳᠣᠷᠠᠭᠤᠯᠪᠠᠯ᠂ ᠥᠨᠥᠳᠥᠷ ᠦᠨ ᠪᠠᠢᠢᠳᠠᠯ ᠢᠶᠠᠷ 500 ᠮᠢᠩ᠋ᠭᠠᠨ ᠲᠠᠷᠢᠴᠠ᠂ ᠰᠠᠭᠤᠯᠭᠠᠴᠠ ᠢᠢᠨ ᠬᠦᠴᠦᠨ ᠴᠢᠳᠠᠯ ᠲᠠᠢ ᠮᠣᠳᠣ ᠦᠷᠡᠵᠢᠭᠦᠯᠭᠡ ᠢᠢᠨ ᠭᠠᠵᠠᠷ ᠢ ᠴᠣᠭᠲᠤ-ᠣᠪᠣᠭ᠎ᠠ ᠰᠤᠮᠤᠨ ᠳᠤ᠂ 250 ᠮᠢᠩ᠋ᠭᠠᠨ ᠲᠠᠷᠢᠴᠠ᠂ ᠰᠠᠭᠤᠯᠭᠠᠴᠠ ᠢᠢᠨ ᠬᠦᠴᠦᠨ ᠴᠢᠳᠠᠯ ᠲᠠᠢ ᠮᠣᠳᠣ ᠦᠷᠡᠵᠢᠭᠦᠯᠭᠡ ᠢᠢᠨ ᠭᠠᠵᠠᠷ ᠢ ᠬᠠᠨᠪᠣᠭᠳᠠ ᠰᠤᠮᠤᠨ ᠳᠤ ᠲᠤᠰ ᠲᠤᠰ ᠪᠠᠢᠢᠭᠤᠯᠵᠠᠢ᠃ ᠮᠠᠩᠯᠠᠢ᠂ ᠰᠡᠪᠡᠷᠡᠢ᠂ ᠪᠠᠶᠠᠨ-ᠣᠪᠣᠭ᠎ᠠ ᠰᠤᠮᠤ ᠨᠤᠭᠤᠳ ᠲᠤ ᠮᠣᠳᠣ ᠦᠷᠡᠵᠢᠭᠦᠯᠭᠡ ᠢᠢᠨ ᠭᠠᠵᠠᠷ ᠪᠠᠢᠢᠭᠤᠯᠬᠤ ᠠᠵᠢᠯ ᠢ 2024 ᠣᠨ ᠳᠤ ᠪᠠᠭᠲᠠᠭᠠᠨ ᠭᠦᠢᠴᠡᠳᠭᠡᠨ᠎ᠡ᠃

ᠲᠤᠰ ᠮᠣᠳᠣ ᠦᠷᠡᠵᠢᠭᠦᠯᠭᠡ ᠢᠢᠨ ᠭᠠᠵᠠᠷ ᠤᠨ ᠪᠦᠲᠦᠭᠡᠨ ᠪᠠᠢᠢᠭᠤᠯᠤᠯᠲᠠ᠂ ᠡᠬᠢᠨ ᠦ ᠬᠣᠶᠠᠷ ᠵᠢᠯ ᠦᠨ ᠰᠠᠩᠬᠦᠵᠢᠯᠲᠡ ᠢᠢ 《ᠣᠭ᠍ᠶᠤ ᠲᠣᠯᠣᠭᠠᠢ》ᠬᠢ‍᠂ ᠬᠠ‍᠂ ᠻᠤᠮᠫᠠᠨᠢ ᠬᠠᠷᠢᠭᠤᠴᠠᠵᠤ᠂ ᠭᠤᠷᠪᠠ ᠳ᠋ᠠᠬᠢ ᠵᠢᠯ ᠡᠴᠡ ᠰᠣᠨᠢᠷᠬᠠᠯ ᠢᠯᠡᠷᠬᠡᠢᠢᠯᠡᠭᠰᠡᠨ ᠢᠷᠭᠡᠨ᠂ ᠠᠵᠤ ᠠᠬᠤᠢ ᠢᠢᠨ ᠨᠢᠭᠡᠴᠡ ᠢᠢ ᠰᠣᠩ᠋ᠭᠣᠨ ᠰᠢᠯᠭᠠᠷᠠᠭᠤᠯᠵᠤ᠂ ᠬᠦᠯᠢᠶᠡᠯᠭᠡᠨ ᠥᠭ᠍ᠬᠦ ᠶᠤᠮ᠃

ᠮᠣᠳᠣ ᠦᠷᠡᠵᠢᠭᠦᠯᠭᠡ ᠢᠢᠨ ᠭᠠᠵᠠᠷ ᠤᠨ ᠪᠦᠲᠦᠭᠡᠨ ᠪᠠᠢᠢᠭᠤᠯᠤᠯᠲᠠ ᠨᠢ ᠮᠡᠷᠭᠡᠵᠢᠯ ᠦᠨ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠢᠷᠭᠡᠳ ᠢ ᠳᠡᠮᠵᠢᠵᠦ᠂ ᠨᠡᠮᠡᠯᠲᠡ ᠣᠷᠣᠯᠭ᠎ᠠ ᠲᠠᠢ ᠪᠣᠯᠭᠠᠬᠤ᠂ ᠣᠯᠠᠨ ᠨᠡᠢᠢᠲᠡ ᠢᠢᠨ ᠢᠳᠡᠪᠬᠢ ᠣᠷᠣᠯᠴᠠᠭ᠎ᠠ ᠢᠢ ᠨᠡᠮᠡᠭᠳᠡᠭᠦᠯᠬᠦ ᠵᠣᠷᠢᠯᠭ᠎ᠠ ᠲᠠᠢ ᠭᠡᠳᠡᠭ ᠢ 《ᠣᠭ᠍ᠶᠤ ᠲᠣᠯᠣᠭᠠᠢ》ᠬᠢ‍᠂ ᠬᠠ‍᠂ ᠻᠤᠮᠫᠠᠨᠢ ᠍ ᠢᠢᠨ ᠪᠠᠢᠢᠭᠠᠯᠢ ᠣᠷᠴᠢᠨ ᠤ ᠮᠧᠨᠧᠵᠧᠷ ᠲ᠊᠂ ᠰᠠᠮᠳᠠᠨᠵᠢᠭ᠍ᠮᠢᠳ ᠣᠨᠴᠠᠯᠠᠪᠠ᠃

ᠴᠢᠨᠠᠭᠰᠢᠳᠠ ᠮᠣᠳᠣ ᠦᠷᠡᠵᠢᠭᠦᠯᠭᠡ ᠢᠢᠨ ᠲᠠᠪᠤᠨ ᠭᠠᠵᠠᠷ ᠢ ᠰᠢᠨ᠎ᠡ ᠪᠡᠷ ᠪᠠᠢᠢᠭᠤᠯᠬᠤ ᠳᠤ ᠱᠠᠭᠠᠷᠳᠠᠯᠭ᠎ᠠ ᠲᠠᠢ ᠲᠣᠨᠣᠭ ᠲᠥᠬᠥᠭᠡᠷᠦᠮᠵᠢ ᠢᠢ ᠪᠠᠭᠴᠠ ᠪᠠᠷ ᠨᠢ ᠨᠡᠢᠢᠯᠡᠭᠦᠯᠵᠦ᠂ ᠤᠭᠰᠠᠷᠠᠯᠲᠠ ᠢᠢ ᠭᠦᠢᠴᠡᠳᠭᠡᠬᠦ ᠪᠥᠭᠡᠳ ᠻᠣᠮᠫᠠᠨᠢ ᠥᠪᠡᠷ ᠦᠨ ᠬᠡᠷᠡᠭᠴᠡᠭᠡᠨ ᠦ ᠲᠠᠷᠢᠴᠠ᠂ ᠰᠠᠭᠤᠯᠭᠠᠴᠠ ᠢᠢ ᠡᠳᠡᠭᠡᠷ ᠮᠣᠳᠣ ᠦᠷᠡᠵᠢᠭᠦᠯᠭᠡ ᠢᠢᠨ ᠭᠠᠵᠠᠷ ᠠᠴᠠ ᠪᠣᠯᠤᠨ ᠵᠠᠬ᠎ᠠ ᠵᠡᠭᠡᠯᠢ ᠡᠴᠡ ᠬᠤᠳᠠᠯᠳᠤᠨ ᠠᠪᠤᠨ᠎ᠠ ᠭᠡᠳᠡᠭ ᠢ ᠬᠡᠯᠡᠯ᠎ᠡ᠃

ᠮᠥᠨ ᠬᠠᠷᠢᠭᠤᠴᠠᠯᠭ᠎ᠠ ᠦᠭᠡᠢ ᠠᠭᠤᠯᠠ ᠠᠭᠤᠷᠬᠠᠢ ᠢᠢᠨ ᠨᠥᠯᠥᠭᠡ ᠪᠡᠷ ᠡᠪᠳᠡᠷᠡᠵᠥ᠂ ᠡᠵᠡᠨ ᠦᠭᠡᠢ ᠣᠷᠬᠢᠭᠳᠠᠭᠰᠠᠨ ᠭᠠᠵᠠᠷ ᠢ ᠨᠥᠬᠥᠨ ᠰᠡᠷᠭᠦᠭᠡᠬᠦ ᠵᠣᠷᠢᠯᠲᠠ ᠢᠢᠨ ᠬᠦᠷᠢᠶᠡᠨ ᠳᠥ 2022-2023 ᠣᠨ ᠳᠤ ᠰᠡᠯᠡᠩ᠋ᠭᠡ ᠠᠢᠢᠮᠠᠭ ᠤᠨ ᠶᠢᠷᠦᠭᠡ ᠰᠤᠮᠤ ᠢᠢᠨ ᠢᠯᠪᠠᠭ᠎ᠠ ᠢᠢᠨ ᠬᠥᠨᠳᠡᠢ ᠢᠢᠨ 400 ᠭᠠ ᠭᠠᠵᠠᠷ ᠢ ᠠᠮᠵᠢᠯᠲᠠᠲᠠᠢ ᠨᠥᠬᠥᠨ ᠰᠡᠷᠭᠦᠭᠡᠭ᠍ᠰᠡᠨ ᠲᠠᠯ᠎ᠠ ᠪᠠᠷ ᠲᠠᠨᠢᠯᠴᠠᠭᠤᠯᠪᠠ᠃
ᠴᠢᠨᠠᠭᠰᠢᠳᠠ ᠲᠤᠰ ᠻᠣᠮᠫᠠᠨᠢ ᠨᠢ ᠪᠢᠴᠢᠯ ᠠᠭᠤᠯᠠ ᠠᠭᠤᠷᠬᠠᠢ ᠢᠢᠨ ᠦᠢᠯᠡ ᠠᠵᠢᠯᠯᠠᠭᠠᠨ ᠤ ᠤᠯᠠᠮ ᠠᠴᠠ ᠡᠪᠳᠡᠷᠡᠭᠰᠡᠨ ᠳᠠᠷᠬᠠᠨ-ᠠᠭᠤᠯᠠ ᠠᠢᠢᠮᠠᠭ ᠤᠨ ᠰᠢᠷ ᠠ ᠢᠢᠨ ᠭᠤᠤᠯ ᠰᠤᠮᠤᠨ ᠳᠤ 187 ᠭᠠ ᠭᠠᠵᠠᠷ ᠢ ᠨᠥᠬᠥᠨ ᠰᠡᠷᠭᠦᠭᠡᠬᠦ ᠪᠡᠷ ᠲᠥᠯᠥᠪᠯᠡᠵᠦ ᠪᠠᠢᠢᠨ᠎ᠠ᠃