ᠵᠢᠯ ᠪᠦᠷᠢ ᠢᠢᠨ ᠲᠠᠪᠤ᠂ 10 ᠳ᠋ᠤᠭᠠᠷ ᠰᠠᠷ᠎ᠠ ᠳᠤ 《ᠪᠦᠬᠦ ᠨᠡᠢᠢᠲᠡ ᠪᠡᠷ ᠮᠣᠳᠣ ᠲᠠᠷᠢᠬᠤ ᠡᠳᠦᠷ》 ᠢᠢᠡᠷ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠢᠷᠭᠡᠳ ᠮᠣᠳᠣ ᠲᠠᠷᠢᠳᠠᠭ ᠤᠯᠠᠮᠵᠢᠯᠠᠯ ᠲᠠᠢ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠠᠪᠤᠷ ᠤᠨ ᠮᠣᠳᠣ ᠲᠠᠷᠢᠬᠤ ᠡᠳᠦᠷ ᠦᠨ ᠨᠡᠭᠡᠭᠡᠯᠲᠡ ᠳᠥ ᠣᠷᠣᠯᠴᠠᠵᠤ᠂ ᠳᠠᠮᠪᠠᠳᠠᠷᠵᠢᠶ᠎ᠠ ᠳ᠋ᠠᠬᠢ 《ᠨᠥᠬᠥᠷᠯᠡᠯ ᠦᠨ ᠣᠢ》 ᠴᠡᠴᠡᠷᠯᠢᠭ ᠲᠥ ᠬᠦᠷᠢᠶᠡᠯᠡᠩ ᠳᠥ 80 ᠭᠠᠷᠤᠢ ᠬᠡᠦᠬᠡᠳ᠂ ᠵᠠᠯᠠᠭᠤᠰ ᠤᠨ ᠬᠠᠮᠲᠤ ᠮᠣᠳᠣ ᠲᠠᠷᠢᠯ᠎ᠠ᠃
ᠮᠠᠨ ᠤ ᠤᠯᠤᠰ ᠤᠨ ᠨᠡᠢᠢᠲᠡ ᠨᠤᠲᠤᠭ ᠳᠡᠪᠢᠰᠬᠡᠷ ᠦᠨ ᠨᠠᠢᠮᠠ ᠣᠷᠴᠢᠮ ᠬᠤᠪᠢ ᠨᠢ ᠣᠢ᠃ ᠴᠢᠨᠠᠭᠰᠢᠳᠠ ᠨᠡᠢᠢᠲᠡ ᠨᠤᠲᠤᠭ ᠤᠨ 50 ᠣᠷᠴᠢᠮ ᠬᠤᠪᠢ ᠢᠢ ᠣᠢᠢᠵᠢᠭᠤᠯᠵᠤ ᠴᠢᠳᠠᠪᠠᠯ ᠠᠶ᠎ᠠ ᠲᠤᠬᠠᠲᠠᠢ ᠠᠮᠢᠳᠤᠷᠠᠬᠤ ᠡᠻᠣ ᠰᠢᠰᠲ᠋ᠧᠮ ᠪᠥᠷᠢᠳᠦᠨ᠎ᠡ᠃ ᠮᠣᠳᠣ ᠲᠠᠷᠢᠵᠤ ᠤᠷᠭᠤᠭᠤᠯᠬᠤ ᠨᠢ ᠴᠥᠯᠵᠢᠯᠲᠡ ᠲᠡᠢ ᠲᠡᠮᠡᠴᠡᠬᠦ ᠬᠠᠮᠤᠭ ᠤᠨ ᠰᠠᠢᠢᠨ ᠠᠷᠭ᠎ᠠ ᠭᠡᠵᠦ ᠦᠵᠡᠳᠡᠭ ᠢᠶᠡᠨ ᠶᠡᠷᠦᠩᠬᠡᠢᠢᠯᠡᠭᠴᠢ ᠬᠡᠯᠡᠯ᠎ᠡ᠃
《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠬᠡᠷᠡᠭᠵᠢᠵᠦ ᠡᠬᠢᠯᠡᠭᠰᠡᠨ ᠡᠴᠡ ᠬᠣᠢᠢᠰᠢ ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ᠂ ᠰᠢᠷ᠎ᠠ ᠰᠢᠷᠤᠢ ᠢᠢᠨ ᠰᠢᠭᠤᠷᠭ᠎ᠠ᠂ ᠬᠥᠷᠦᠰᠦᠨ ᠦ ᠳᠣᠷᠣᠢᠢᠲᠠᠯ ᠠᠴᠠ ᠡᠭᠦᠳᠦᠯ ᠲᠡᠢ ᠰᠥᠷᠭᠦ ᠨᠥᠯᠥᠭᠡᠯᠡᠯ ᠢ ᠪᠠᠭᠤᠷᠠᠭᠤᠯᠬᠤ ᠳᠤ ᠣᠢ ᠢᠢᠨ ᠡᠻᠣᠰᠢᠰᠲ᠋ᠧᠮ ᠦᠨ ᠭᠦᠢᠴᠡᠳᠭᠡᠬᠦ ᠡᠭᠦᠷᠭᠡ᠂ ᠠᠴᠢ ᠬᠣᠯᠪᠣᠭᠳᠠᠯ ᠤᠨ ᠲᠠᠯᠠᠭᠠᠷᠬᠢ ᠢᠷᠭᠡᠳ᠂ ᠠᠵᠤ ᠠᠬᠤᠢ ᠢᠢᠨ ᠨᠢᠭᠡᠴᠡ᠂ ᠪᠠᠢᠢᠭᠤᠯᠤᠯᠭ᠎ᠠ ᠨᠤᠭᠤᠳ ᠤᠨ ᠣᠢᠢᠯᠠᠭᠠᠯᠲᠠ᠂ ᠬᠠᠨᠳᠤᠯᠭ᠎ᠠ ᠳᠤ ᠶᠡᠬᠡᠬᠡᠨ ᠥᠭᠡᠷᠡᠴᠢᠯᠡᠯᠲᠡ ᠭᠠᠷᠴᠤ᠂ ᠮᠣᠳᠣ ᠲᠠᠷᠢᠵᠤ᠂ ᠤᠷᠭᠤᠭᠤᠯᠵᠤ ᠪᠠᠢᠢᠭ᠎ᠠ ᠳᠤ ᠲᠠᠯᠠᠷᠬᠠᠯ ᠢᠯᠡᠷᠬᠡᠢᠢᠯᠡᠯ᠎ᠡ᠃
ᠴᠢᠨᠠᠭᠰᠢᠳᠠ ᠠᠢᠢᠯ ᠡᠷᠦᠬᠡ᠂ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ ᠪᠦᠷᠢ ᠥᠪᠡᠷ ᠦᠨ ᠬᠠᠰᠢᠶ᠎ᠠ᠂ ᠭᠠᠵᠠᠷ᠂ ᠨᠡᠢᠢᠲᠡ ᠢᠢᠨ ᠡᠵᠡᠮᠰᠢᠯ ᠦᠨ ᠵᠠᠮ᠂ ᠲᠠᠯᠠᠪᠠᠢ ᠳᠤ ᠮᠣᠳᠣ ᠲᠠᠷᠢᠵᠤ ᠤᠷᠭᠤᠭᠤᠯᠤᠨ᠂ ᠣᠷᠴᠢᠨ ᠢᠶᠠᠨ ᠨᠣᠭᠣᠭᠠᠷᠠᠭᠤᠯᠵᠤ᠂ ᠡᠷᠡᠭᠦᠯ ᠤᠷᠴᠢᠨ ᠳᠤ ᠠᠮᠢᠳᠤᠷᠠᠵᠤ ᠠᠵᠢᠯᠯᠠᠬᠤ ᠢᠢᠨ ᠲᠥᠯᠥᠭᠡ ᠤᠯᠠᠮ ᠬᠢᠴᠢᠶᠡᠨ ᠵᠢᠳᠬᠦᠬᠦ ᠢᠢ ᠤᠷᠢᠶᠠᠯᠠᠯ᠎ᠠ᠃
ᠶᠡᠷᠦᠩᠬᠡᠢᠢᠯᠡᠭᠴᠢ ᠮᠥᠨ ᠮᠣᠳᠣ ᠦᠷᠡᠵᠢᠭᠦᠯᠭᠡ᠂ ᠴᠡᠴᠡᠷᠯᠢᠭᠵᠢᠭᠦᠯᠦᠯᠲᠡ ᠢᠢᠨ ᠮᠡᠷᠭᠡᠵᠢᠯ ᠦᠨ ᠪᠠᠢᠢᠭᠤᠯᠤᠯᠭ᠎ᠠ ᠨᠤᠭᠤᠳ ᠤᠨ ᠲᠠᠷᠢᠴᠠ᠂ ᠰᠠᠭᠤᠯᠭᠠᠴᠠ ᠢᠢᠨ ᠦᠵᠡᠰᠬᠦᠯᠡᠩ ᠬᠤᠳᠠᠯᠳᠤᠭᠠᠨ ᠳᠤ ᠣᠷᠣᠯᠴᠠᠭᠴᠢᠳ ᠲᠠᠢ ᠠᠭᠤᠯᠵᠠᠵᠤ᠂ ᠬᠡᠦᠬᠡᠳ᠂ ᠵᠠᠯᠠᠭᠤᠰ ᠲᠠᠢ ᠬᠠᠮᠲᠤ ᠣᠢ᠂ ᠮᠣᠳᠣᠨ ᠤ ᠠᠴᠢ ᠲᠤᠰᠠ᠂ ᠦᠨ᠎ᠡ ᠴᠡᠨ᠎ᠡ ᠢᠢ ᠲᠠᠨᠢᠭᠤᠯᠬᠤ ᠥᠷᠲᠡᠭᠡᠴᠢᠯᠡᠭᠰᠡᠨ ᠠᠶᠠᠯᠠᠯ᠂ 《ᠣᠢ ᠶᠠᠭ…》 ᠰᠡᠳᠦᠪᠲᠦ ᠲᠠᠨᠢᠨ ᠮᠡᠳᠡᠬᠦᠢ ᠢᠢᠨ ᠰᠤᠷᠭᠠᠯᠲᠠ ᠳᠤ ᠣᠷᠣᠯᠴᠠᠯ᠎ᠠ᠃
ᠡᠨᠡ ᠰᠠᠷ᠎ᠠ ᠢᠢᠨ ᠲᠤᠷᠰᠢ ᠦᠷᠭᠦᠯᠵᠢᠯᠡᠬᠦ 《ᠪᠦᠬᠦ ᠨᠡᠢᠢᠲᠡ ᠪᠡᠷ ᠮᠣᠳᠣ ᠲᠠᠷᠢᠬᠤ ᠡᠳᠦᠷ》 ᠢᠢᠡᠷ ᠨᠡᠢᠢᠰᠯᠡᠯ ᠬᠣᠲᠠ ᠢᠢᠨ ᠨᠠᠢᠮᠠᠨ ᠪᠠᠢᠢᠷᠢᠰᠢᠯ ᠳᠤ 300 ᠭᠠᠷᠤᠢ ᠪᠠᠢᠢᠭᠤᠯᠤᠯᠭ᠎ᠠ ᠮᠣᠳᠣ ᠲᠠᠷᠢᠨ᠎ᠠ᠃
《ᠨᠥᠬᠥᠷᠯᠡᠯ ᠦᠨ ᠣᠢ》 ᠴᠡᠴᠡᠷᠯᠢᠭ ᠲᠥ ᠬᠦᠷᠢᠶᠡᠯᠡᠩ ᠳᠥ ᠭᠡᠬᠦ ᠳᠥ ᠯᠠ ᠵᠢᠷᠭᠤᠭᠠᠨ ᠲᠥᠷᠥᠯ ᠦᠨ ᠨᠠᠪᠴᠢᠲᠤ ᠪᠣᠯᠤᠨ ᠰᠢᠯᠮᠦᠦᠰᠦᠲᠦ᠂ ᠨᠡᠢᠢᠲᠡ 3.000 ᠮᠣᠳᠣ ᠲᠠᠷᠢᠵᠤ ᠤᠷᠭᠤᠭᠤᠯᠬᠤ ᠪᠠᠷ ᠲᠥᠯᠥᠪᠯᠡᠭᠡᠳ ᠪᠠᠢᠢᠨ᠎ᠠ᠃
21 ᠠᠢᠢᠮᠠᠭ ᠲᠤ 4 ᠰᠠᠶ᠎ᠠ ᠮᠣᠳᠣ ᠲᠠᠷᠢᠨ᠎ᠠ
ᠡᠨᠡ ᠣᠨ ᠳᠤ ᠣᠷᠴᠢᠨ ᠴᠠᠭ ᠤᠨ ᠣᠢ ᠢᠢᠨ ᠰᠠᠯᠪᠤᠷᠢ ᠡᠭᠦᠰᠦᠭᠰᠡᠨ ᠦ 100 ᠵᠢᠯ ᠲᠣᠬᠢᠶᠠᠵᠤ ᠪᠠᠢᠢᠭ᠎ᠠ ᠲᠠᠢ ᠬᠣᠯᠪᠣᠭᠳᠠᠭᠤᠯᠤᠨ 《ᠪᠦᠬᠦ ᠨᠡᠢᠢᠲᠡ ᠪᠡᠷ ᠮᠣᠳᠣ ᠲᠠᠷᠢᠬᠤ ᠡᠳᠦᠷ》 ᠲᠠᠪᠤᠳᠤᠭᠠᠷ ᠰᠠᠷ᠎ᠠ ᠢᠢᠨ ᠲᠤᠷᠰᠢ ᠦᠷᠭᠦᠯᠵᠢᠯᠡᠨ᠎ᠡ᠃
ᠡᠨᠡ ᠬᠤᠭᠤᠴᠠᠭᠠᠨ ᠳᠤ 21 ᠠᠢᠢᠮᠠᠭ ᠲᠥᠪᠯᠡᠷᠡᠭᠰᠡᠨ 33 ᠪᠠᠢᠢᠷᠢᠰᠢᠯ ᠳᠤ ᠳᠥᠷᠪᠡᠨ ᠰᠠᠶ᠎ᠠ ᠬᠦᠷᠲᠡᠯ᠎ᠡ ᠮᠣᠳᠣ ᠲᠠᠷᠢᠵᠤ ᠤᠷᠭᠤᠭᠤᠯᠬᠤ ᠪᠠᠷ ᠲᠥᠯᠥᠪᠯᠡᠵᠦ ᠪᠠᠢᠢᠨ᠎ᠠ᠃ ᠮᠥᠨ ᠠᠢᠢᠮᠠᠭ ᠪᠦᠷᠢ 10 ᠬᠦᠷᠲᠡᠯᠡᠬᠢ ᠭᠣᠣᠯ᠂ ᠭᠣᠷᠭᠢ ᠢᠢ ᠰᠣᠩ᠋ᠭᠣᠨ᠂ ᠨᠢᠭᠡ ᠭᠣᠣᠯ ᠳᠡᠭᠡᠷ᠎ᠡ 10 ᠬᠦᠷᠲᠡᠯ᠎ᠡ ᠭᠠ ᠲᠠᠯᠠᠪᠠᠢ ᠢᠢ ᠬᠣᠶᠠᠷ ᠵᠢᠯ ᠦᠨ ᠬᠤᠭᠤᠴᠠᠭᠠᠨ ᠳᠤ ᠣᠢᠢᠵᠢᠭᠤᠯᠬᠤ ᠶᠤᠮ᠃
ᠣᠢ ᠢᠢᠨ ᠮᠡᠷᠭᠡᠵᠢᠯ ᠦᠨ ᠪᠠᠢᠢᠭᠤᠯᠤᠯᠭ᠎ᠠ ᠨᠤᠭᠤᠳ ᠮᠣᠳᠣ ᠲᠠᠷᠢᠬᠤ ᠲᠠᠯᠠᠪᠠᠢ᠂ ᠲᠠᠷᠢᠴᠠ᠂ ᠰᠠᠭᠤᠯᠭᠠᠴᠠ ᠪᠡᠯᠡᠳᠬᠡᠬᠦ᠂ ᠲᠠᠷᠢᠭᠰᠠᠨ ᠮᠣᠳᠣ ᠪᠠᠨ ᠵᠢᠯ ᠦᠨ ᠲᠤᠷᠰᠢ ᠤᠰᠤᠯᠠᠬᠤ᠂ ᠠᠷᠠᠴᠢᠯᠠᠬᠤ ᠴᠢᠭᠯᠡᠯ ᠢᠶᠡᠷ ᠢᠷᠭᠡᠳ᠂ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ ᠲᠡᠢ ᠬᠠᠮᠲᠤᠷᠠᠨ ᠠᠵᠢᠯᠯᠠᠵᠤ ᠡᠬᠢᠯᠡᠯ᠎ᠡ᠃
ᠡᠭᠦᠨ ᠦ ᠵᠡᠷᠭᠡᠴᠡᠭᠡ ᠲᠠᠷᠢᠴᠠ᠂ ᠰᠠᠭᠤᠯᠭᠠᠴᠠ ᠢᠢᠨ ᠦᠵᠡᠰᠬᠦᠯᠡᠩ ᠬᠤᠳᠠᠯᠳᠤᠭ᠎ᠠ ᠢᠢ 《ᠲᠩᠷᠢ ᠫᠯᠠᠽᠠ》᠂ 《ᠮᠣᠳᠣᠯᠢᠭ ᠤᠷᠭᠤᠮᠠᠯ ᠤᠨ ᠴᠤᠭᠯᠠᠭᠤᠯᠭ᠎ᠠ ᠢᠢᠨ ᠴᠡᠴᠡᠷᠯᠢᠭ》᠂ 《ᠢᠯᠠᠯᠲᠠ ᠢᠢᠨ ᠲᠠᠯᠠᠪᠠᠢ》 ᠍ ᠳᠤ ᠪᠣᠯᠤᠨ 21 ᠠᠢᠢᠮᠠᠭ᠂ ᠰᠤᠮᠤ ᠨᠤᠭᠤᠳ ᠲᠤ ᠵᠣᠬᠢᠶᠠᠨ ᠪᠠᠢᠢᠭᠤᠯᠵᠤ᠂ ᠲᠠᠷᠢᠴᠠ᠂ ᠰᠠᠭᠤᠯᠭᠠᠴᠠ ᠪᠠᠷ ᠬᠠᠩ᠋ᠭᠠᠨ᠂ ᠵᠢᠭᠠᠪᠤᠷᠢ᠂ ᠵᠥᠪᠯᠡᠮᠵᠢ ᠥᠭᠴᠦ ᠪᠠᠢᠢᠨ᠎ᠠ᠃
ᠡᠨᠡ ᠵᠢᠯ ᠤᠯᠤᠰ ᠤᠨ ᠲᠥᠰᠥᠪ ᠦᠨ ᠬᠥᠷᠥᠩ᠋ᠭᠡ ᠪᠡᠷ ᠭᠤᠷᠪᠠᠨ ᠰᠠᠶ᠎ᠠ ᠭᠠᠷᠤᠢ ᠮᠣᠳᠣ ᠲᠠᠷᠢᠵᠤ ᠤᠷᠭᠤᠭᠤᠯᠤᠨ᠎ᠠ
《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠬᠡᠷᠡᠭᠵᠢᠵᠦ ᠡᠬᠢᠯᠡᠭᠰᠡᠨ ᠡᠴᠡ ᠬᠣᠢᠢᠰᠢ 42 ᠰᠠᠶ᠎ᠠ ᠮᠣᠳᠣ ᠲᠠᠷᠢᠵᠤ ᠤᠷᠭᠤᠭᠤᠯᠤᠭᠠᠳ ᠪᠠᠢᠢᠨ᠎ᠠ᠃
ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠤᠯᠤᠰ ᠤᠨ ᠬᠡᠮᠵᠢᠶᠡᠨ ᠳᠥ ᠨᠡᠢᠢᠲᠡ 39 ᠵᠦᠢᠯ ᠦᠨ 12.2 ᠲᠣᠨᠠ ᠦᠷ᠎ᠡ ᠢᠢᠨ ᠨᠥᠭᠡᠴᠡ ᠪᠦᠷᠢᠳᠦᠭᠦᠯᠦᠭᠰᠡᠨ᠃ 2024 ᠣᠨ ᠤ ᠦᠷ᠎ᠡ ᠢᠢᠨ ᠨᠥᠭᠡᠴᠡ ᠢᠢ 2021 ᠣᠨ ᠤ ᠬᠢ ᠲᠠᠢ ᠬᠠᠷᠢᠴᠠᠭᠤᠯᠬᠤ ᠳᠤ 84 ᠬᠤᠪᠢ ᠪᠠᠷ ᠥᠰᠦᠭᠰᠡᠨ ᠪᠠᠢᠢᠨ᠎ᠠ᠃
ᠮᠣᠳᠣ ᠦᠷᠡᠵᠢᠭᠦᠯᠳᠡᠭ ᠢᠷᠭᠡᠨ᠂ ᠨᠥᠬᠥᠷᠯᠡᠯ᠂ ᠠᠵᠤ ᠠᠬᠤᠢ ᠢᠢᠨ ᠨᠢᠭᠡᠴᠡ᠂ ᠪᠠᠢᠢᠭᠤᠯᠤᠯᠭ᠎ᠠ ᠢᠢᠨ ᠲᠣᠭ᠎ᠠ 2023 ᠣᠨ ᠤ ᠪᠠᠢᠢᠳᠠᠯ ᠢᠶᠠᠷ 452 ᠲᠤ ᠬᠦᠷᠦᠭᠰᠡᠨ ᠨᠢ ᠦᠨᠳᠦᠰᠦᠨ ᠦ ᠬᠥᠳᠡᠯᠭᠡᠭᠡᠨ ᠬᠡᠷᠡᠭᠵᠢᠵᠦ ᠡᠬᠢᠯᠡᠭᠰᠡᠨ ᠡᠴᠡ ᠬᠣᠢᠢᠰᠢ 32 ᠬᠤᠪᠢ ᠪᠠᠷ ᠨᠡᠮᠡᠭᠳᠡᠭᠰᠡᠨ ᠭᠡᠰᠡᠨ ᠦᠭᠡ ᠶᠤᠮ᠃
ᠡᠳᠡᠭᠡᠷ ᠭᠠᠵᠠᠷ ᠤᠳ ᠥᠩ᠋ᠭᠡᠷᠡᠭᠰᠡᠨ ᠵᠢᠯ 63 ᠰᠠᠶ᠎ᠠ ᠰᠢᠷᠬᠡᠭ᠌ ᠲᠠᠷᠢᠴᠠ᠂ ᠰᠠᠭᠤᠯᠭᠠᠴᠠ ᠢᠢᠨ ᠨᠥᠭᠡᠴᠡ ᠪᠦᠷᠢᠳᠦᠭᠦᠯᠦᠭᠰᠡᠨ ᠨᠢ 2021 ᠣᠨ ᠲᠠᠢ ᠬᠠᠷᠢᠴᠠᠭᠤᠯᠬᠤ ᠳᠤ 41 ᠬᠤᠪᠢ ᠪᠠᠷ ᠥᠰᠴᠠᠢ᠃
2024 ᠤᠨ ᠳᠤ ᠤᠯᠤᠰ ᠤᠨ ᠲᠥᠰᠥᠪ ᠦᠨ ᠬᠥᠷᠥᠩ᠋ᠭᠡ ᠪᠡᠷ ᠄
• 2.4 ᠮᠢᠩ᠋ᠭᠠᠨ ᠭᠠ ᠲᠠᠯᠠᠪᠠᠢ ᠢᠢ ᠣᠢᠢᠵᠢᠭᠤᠯᠬᠤ᠂ ᠨᠥᠬᠥᠨ ᠰᠡᠷᠭᠦᠭᠡᠬᠦ᠂ ᠭᠣᠣᠯ ᠨᠠᠭᠤᠷ ᠤᠳ ᠤᠨ ᠲᠠᠲᠠᠮ ᠢ ᠣᠢᠢᠵᠢᠭᠤᠯᠬᠤ ᠵᠣᠷᠢᠯᠭ᠎ᠠ ᠪᠠᠷ 3.1 ᠰᠠᠶ᠎ᠠ ᠮᠣᠳᠣ ᠲᠠᠷᠢᠨ᠎ᠠ᠂
• 2.8 ᠰᠠᠶ᠎ᠠ ᠭᠠ ᠲᠠᠯᠠᠪᠠᠢ ᠳᠤ ᠣᠢ ᠢᠢᠨ ᠵᠣᠬᠢᠶᠠᠨ ᠪᠠᠢᠢᠭᠤᠯᠤᠯᠲᠠ ᠢᠢᠨ ᠠᠵᠢᠯ ᠬᠢᠵᠦ᠂ ᠣᠢ ᠢᠢᠨ ᠲᠥᠯᠥᠪ ᠪᠠᠢᠢᠳᠠᠯ ᠢ ᠦᠨᠡᠯᠡᠨ᠎ᠡ᠂
• ᠲᠦᠢᠮᠡᠷ ᠦᠨ 500 ᠻᠢᠯᠣᠮᠧᠲ᠋ᠷ ᠬᠠᠯᠵᠠ ᠪᠣᠯᠤᠨ ᠰᠢᠷᠤᠢ ᠢᠢᠨ ᠵᠤᠷᠪᠤᠰ ᠰᠢᠨ᠎ᠡ ᠪᠡᠷ ᠪᠠᠢᠢᠭᠤᠯᠵᠤ᠂ ᠡᠮᠦᠨ᠎ᠡ ᠪᠠᠢᠢᠭᠤᠯᠤᠭᠰᠠᠨ ᠢ ᠰᠡᠷᠭᠦᠭᠡᠨ᠎ᠡ᠂
• 330 ᠮᠢᠩ᠋ᠭᠠᠨ ᠭᠠ ᠲᠠᠯᠠᠪᠠᠢ ᠳᠤ ᠣᠢ ᠢᠢᠨ ᠬᠥᠨᠥᠭᠡᠯᠲᠦ ᠰᠢᠪᠠᠵᠢ ᠲᠠᠢ ᠲᠡᠮᠡᠴᠡᠨ᠂ 1.2 ᠲᠡᠷᠪᠤᠮ ᠮᠣᠳᠣ ᠢᠢ ᠳᠣᠷᠣᠢᠢᠲᠠᠯ ᠳᠤ ᠥᠷᠲᠥᠬᠦ ᠡᠴᠡ ᠰᠡᠷᠭᠡᠢᠢᠯᠡᠨ᠎ᠡ᠂
• 1.3 ᠮᠢᠩ᠋ᠭᠠᠨ ᠭᠠ ᠲᠠᠯᠠᠪᠠᠢ ᠳᠤ ᠣᠢ ᠢᠢᠨ ᠠᠷᠠᠴᠢᠯᠠᠭ᠎ᠠ᠂ ᠴᠡᠪᠡᠷᠯᠡᠭᠡ ᠬᠢᠨ᠎ᠡ᠂
• 130 ᠭᠠ ᠲᠠᠯᠠᠪᠠᠢ ᠳᠤ ᠬᠠᠮᠠᠭᠠᠯᠠᠯᠲᠠ ᠢᠢᠨ ᠣᠢ ᠢᠢᠨ ᠵᠤᠷᠪᠤᠰ ᠪᠠᠢᠢᠭᠤᠯᠤᠨ᠎ᠠ᠂
• ᠮᠣᠳᠣ ᠦᠷᠡᠵᠢᠭᠦᠯᠭᠡ ᠢᠢᠨ ᠭᠠᠵᠠᠷ ᠤᠳ ᠲᠤ ᠲᠧᠭᠨᠢᠭ᠂ ᠲᠣᠨᠣᠭ ᠲᠥᠬᠥᠭᠡᠷᠦᠮᠵᠢ ᠢᠢᠨ ᠳᠡᠮᠵᠢᠯᠭᠡ ᠦᠵᠡᠭᠦᠯᠦᠨ᠎ᠡ᠃
2023 ᠣᠨ ᠳᠤ ᠰᠠᠯᠪᠤᠷᠢ ᠢᠢᠨ ᠬᠡᠮᠵᠢᠶᠡᠨ ᠳᠥ ᠨᠡᠢᠢᠲᠡ 273 ᠮᠢᠩ᠋ᠭᠠᠨ ᠭᠠ ᠲᠠᠯᠠᠪᠠᠢ ᠳᠤ ᠣᠢ ᠢᠢᠨ ᠬᠥᠨᠥᠭᠡᠯᠲᠦ ᠰᠢᠪᠠᠵᠢ ᠲᠠᠢ ᠲᠡᠮᠡᠴᠡᠬᠦ ᠠᠵᠢᠯ ᠬᠢᠵᠦ᠂ 960 ᠰᠠᠶ᠋ᠢ ᠮᠣᠳᠣ ᠢᠢ ᠳᠣᠷᠣᠢᠢᠲᠠᠯ ᠳᠤ ᠥᠷᠲᠥᠨ᠂ ᠬᠠᠳᠠᠵᠤ ᠬᠠᠭᠤᠷᠠᠢᠢᠰᠢᠬᠤ ᠠᠴᠠ ᠬᠠᠮᠠᠭᠠᠯᠠᠵᠤ ᠴᠢᠳᠠᠭᠰᠠᠨ ᠪᠠᠢᠢᠨ᠎ᠠ᠃