ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠪᠦᠬᠦ ᠨᠡᠢᠢᠲᠡ ᠪᠡᠷ ᠮᠣᠳᠣ ᠲᠠᠷᠢᠬᠤ ᠡᠳᠦᠷ》 ᠬᠠᠰᠢᠶᠠᠨ ᠳᠠᠭᠠᠨ ᠮᠣᠳᠣ ᠲᠠᠷᠢᠵᠤ᠂ ᠦᠷᠡᠵᠢᠭᠦᠯᠳᠡᠭ ᠠᠢᠢᠯ ᠳᠤ ᠵᠣᠴᠢᠯᠠᠯ᠎ᠠ᠃
ᠲᠡᠷᠡ ᠪᠡᠷ ᠴᠢᠩ᠋ᠭᠡᠯᠲᠡᠢ ᠳᠡᠭᠦᠷᠭᠡ ᠢᠢᠨ 19 ᠳ᠋ᠤᠭᠡᠷ ᠬᠣᠷᠢᠶᠠᠨ ᠤ ᠢᠷᠭᠡᠨ ᠴᠡᠪᠡᠭ᠍ᠵᠠᠪ ᠤᠨ ᠮᠥᠩᠬᠡᠵᠢᠷᠭᠠᠯ ᠤᠨ ᠳᠤ ᠣᠴᠢᠪᠠ᠃
ᠴ᠂ ᠮᠥᠩᠬᠡᠵᠢᠷᠭᠠᠯ ᠭᠤᠲᠤᠯ ᠤᠨ ᠦᠢᠯᠡᠳᠪᠦᠷᠢ ᠳᠥ ᠵᠢᠯᠣᠭᠣᠴᠢ᠂ ᠭᠡᠷᠭᠡᠢ ᠵ᠊᠂ ᠪᠢᠮᠪᠠᠰᠦ᠋ᠷᠦᠩ ᠨᠢ ᠴᠢᠨᠠᠷ ᠰᠢᠯᠭᠠᠭᠴᠢ ᠪᠠᠷ ᠠᠵᠢᠯᠯᠠᠵᠤ ᠪᠠᠢᠢᠭᠠᠳ ᠥᠨᠳᠥᠷ ᠨᠠᠰᠤᠨ ᠤ ᠲᠡᠳᠬᠦᠪᠦᠷᠢ ᠳᠡᠭᠡᠨ ᠭᠠᠷᠤᠭᠰᠠᠨ᠃ ᠬᠣᠶᠠᠷ ᠠᠴᠢ ᠥᠬᠢᠨ ᠤ ᠪᠠᠨ ᠬᠠᠮᠲᠤ ᠠᠮᠢᠳᠤᠷᠠᠳᠠᠭ᠃
2008 ᠣᠨ ᠠᠴᠠ 0.007 ᠭᠠ ᠲᠠᠯᠠᠪᠠᠢ ᠬᠠᠰᠢᠶᠠᠨ ᠳᠠᠭᠠᠨ ᠬᠠᠢᠢᠯᠠᠰᠤ᠂ ᠬᠤᠰᠢ᠂ ᠬᠤᠰᠤ᠂ ᠰᠢᠨᠡᠰᠦ᠂ ᠨᠠᠷᠠᠰᠤ᠂ ᠮᠣᠨᠣᠰᠣ᠂ ᠪᠦᠢᠯᠡᠰᠦ᠂ ᠦᠬᠡᠷ ᠦᠨ ᠨᠢᠳᠦ᠂ ᠴᠢᠴᠠᠷᠭᠠᠨ᠎ᠠ᠂ ᠳᠠᠪᠵᠠ ᠠᠯᠢᠮ᠎ᠠ᠂ ᠳᠣᠯᠣᠭᠣᠨᠠ᠂ ᠲᠡᠷᠡᠯᠵᠢ ᠵᠡᠷᠭᠡ 32 ᠲᠥᠷᠦᠯ ᠦᠨ 100 ᠭᠠᠷᠤᠢ ᠮᠣᠳᠣ ᠤᠷᠭᠤᠭᠤᠯᠵᠤ ᠪᠠᠢᠢᠨ᠎ᠠ᠃ ᠡᠭᠦᠨ ᠦ ᠵᠡᠷᠭᠡᠴᠡᠭᠡ ᠭᠤᠳᠤᠮᠵᠢ ᠳᠠᠭᠠᠨ ᠮᠣᠳᠣ ᠲᠠᠷᠢᠵᠤ ᠤᠷᠭᠤᠭᠤᠯᠵᠤ ᠪᠠᠢᠢᠭ᠎ᠠ ᠪᠠᠨ ᠲᠠᠨᠢᠯᠴᠠᠭᠤᠯᠤᠯ᠎ᠠ᠃
ᠲᠡᠳᠡ ᠵᠢᠯ ᠳᠠᠭᠡᠨ 200 ᠻᠢᠯᠣᠭ᠍ᠷᠠᠮ ᠴᠢᠴᠠᠷᠭᠠᠨ᠎ᠠ᠂ 20 ᠻᠢᠯᠣᠭ᠍ᠷᠠᠮ ᠠᠯᠢᠮ᠎ᠠ ᠬᠤᠷᠢᠶᠠᠨ ᠠᠪᠴᠤ᠂ ᠬᠡᠷᠡᠭᠴᠡᠭᠡᠨ ᠡᠴᠡ ᠢᠯᠡᠭᠦᠦ ᠭᠠᠷᠤᠭᠰᠠᠨ ᠢᠶᠠᠨ ᠪᠤᠰᠤᠳ ᠲᠤ ᠬᠤᠳᠠᠯᠳᠤᠨ ᠪᠣᠷᠣᠯᠠᠭᠤᠯᠳᠠᠭ ᠪᠠᠢᠢᠨ᠎ᠠ᠃
ᠬᠠᠰᠢᠶᠠᠨ ᠳᠠᠭᠠᠨ ᠰᠠᠢᠢᠬᠠᠨ ᠠᠮᠢᠳᠤᠷᠠᠵᠤ ᠴᠢᠳᠠᠬᠤ ᠡᠰᠡᠬᠦ ᠨᠢ ᠬᠤᠪᠢ ᠬᠦᠮᠦᠨ᠂ ᠭᠡᠷ ᠪᠦᠯᠢ ᠢᠢᠨ ᠰᠡᠳᠬᠢᠯ᠂ ᠬᠢᠴᠢᠶᠡᠯ ᠵᠢᠳᠬᠦᠯ ᠡᠴᠡ ᠯᠠ ᠰᠢᠯᠲᠠᠭᠠᠯᠠᠨ᠎ᠠ᠃ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠡᠬᠢᠯᠡᠭᠰᠡᠨ ᠡᠴᠡ ᠬᠣᠢᠢᠰᠢ ᠲᠠᠷᠢᠴᠠ᠂ ᠰᠠᠭᠤᠯᠭᠠᠴᠠ᠂ ᠦᠷ᠎ᠡ ᠬᠤᠳᠠᠯᠳᠤᠵᠤ ᠠᠪᠬᠤ ᠬᠦᠮᠦᠨ ᠦ ᠲᠣᠭ᠎ᠠ ᠡᠷᠡᠰ ᠨᠡᠮᠡᠭᠳᠡᠭᠰᠡᠨ᠃ ᠲᠠᠷᠢᠭᠰᠠᠨ ᠮᠣᠳᠣ ᠪᠠᠨ ᠶᠠᠭᠠᠬᠢᠵᠤ ᠠᠷᠠᠴᠢᠯᠠᠵᠤ᠂ ᠲᠣᠷᠳᠠᠬᠤ ᠲᠠᠯ᠎ᠠ ᠪᠠᠷ ᠵᠥᠪᠯᠡᠭᠡ ᠥᠭᠳᠡᠭ ᠲᠤᠬᠠᠢ ᠭᠡᠷ ᠦᠨ ᠡᠵᠡᠳ ᠶᠠᠷᠢᠯ᠎ᠠ᠃
ᠮᠣᠳᠣ ᠲᠠᠷᠢᠵᠤ᠂ ᠤᠷᠭᠤᠭᠤᠯᠤᠨ ᠬᠠᠰᠢᠶᠠᠨ ᠳᠠᠭᠠᠨ ᠪᠠᠢᠢᠭᠠᠯᠢ ᠪᠦᠲᠦᠭᠡᠵᠦ ᠪᠣᠯᠳᠠᠭ᠂ ᠡᠨᠡ ᠬᠢᠷᠢ ᠪᠡᠷ ᠡᠷᠡᠭᠦᠯ᠂ ᠨᠣᠭᠣᠭᠠᠨ ᠤᠷᠴᠢᠨ ᠳᠤ ᠠᠮᠢᠳᠤᠷᠠᠬᠤ᠂ ᠨᠡᠮᠡᠯᠲᠡ ᠣᠷᠣᠯᠭ᠎ᠠ ᠣᠯᠵᠤ᠂ ᠠᠬᠤᠢ ᠠᠮᠢᠳᠤᠷᠠᠯ ᠢᠶᠠᠨ ᠴᠤ ᠳᠡᠭᠡᠭ᠍ᠰᠢᠯᠡᠭᠦᠯᠬᠦ ᠪᠦᠷᠢᠨ ᠪᠣᠯᠤᠮᠵᠢᠲᠠᠢ ᠢᠢ ᠪᠤᠰᠤᠳ ᠲᠤ ᠬᠠᠷᠠᠭᠤᠯᠵᠤ᠂ ᠦᠯᠢᠭᠡᠷ ᠳᠠᠭᠤᠷᠢᠶᠠᠯ ᠪᠣᠯᠵᠤ ᠪᠠᠢᠢᠭ᠎ᠠ ᠳᠤ ᠨᠢ ᠶᠡᠷᠦᠩᠬᠡᠢᠢᠯᠡᠭᠴᠢ ᠲᠠᠯᠠᠷᠬᠠᠯ ᠢᠯᠡᠷᠬᠡᠢᠢᠯᠡᠯ᠎ᠡ᠃