ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠣᠻᠻᠧᠢ ᠢᠢᠨ ᠦᠨᠳᠦᠰᠦᠨ ᠦ ᠰᠢᠭᠰᠢᠭᠡ ᠪᠠᠭ ᠤᠨ ᠳᠠᠰᠬᠠᠯᠵᠢᠭᠤᠯᠤᠭᠴᠢ᠂ ᠲᠠᠮᠢᠷᠴᠢᠳ ᠢ ᠬᠦᠯᠢᠶᠡᠨ ᠠᠪᠴᠤ ᠠᠭᠤᠯᠵᠠᠵᠤ᠂ ᠪᠠᠶᠠᠷ ᠬᠦᠷᠭᠡᠯ ᠡ᠃
ᠬᠣᠻᠻᠧᠢ ᠢᠢᠨ ᠦᠨᠳᠦᠰᠦᠨ ᠦ ᠰᠢᠭᠰᠢᠭᠡ ᠪᠠᠭ 2024 ᠣᠨ ᠤ 04 ᠳ᠋ᠤᠭᠡᠷ ᠰᠠᠷ᠎ᠠ ᠢᠢᠨ 15-20 ᠍ ᠤ ᠡᠳᠦᠷ ᠦᠳ ᠲᠥ ᠻᠦᠸᠠᠢᠢᠲ ᠤᠯᠤᠰ ᠲᠤ ᠪᠣᠯᠤᠭᠰᠠᠨ ᠬᠣᠻᠻᠧᠢ ᠢᠢᠨ ᠳᠡᠯᠡᠬᠡᠢ ᠢᠢᠨ ᠠᠪᠤᠷᠭᠤ ᠰᠢᠯᠭᠠᠷᠠᠭᠤᠯᠬᠤ IV ᠳ᠋ᠢᠸᠢᠽᠢᠦᠨ ᠤ ᠲᠡᠮᠡᠴᠡᠭᠡᠨ ᠡᠴᠡ ᠠᠯᠲᠠᠨ ᠮᠧᠳᠠᠯᠢ ᠬᠦᠷᠲᠡᠭᠰᠡᠨ᠃
ᠮᠥᠨ ᠵᠠᠯᠠᠭᠤᠴᠤᠳ ᠤᠨ ᠰᠢᠭᠰᠢᠭᠡ ᠪᠠᠭ 2024 ᠣᠨ ᠤ 04 ᠳᠤᠭᠡᠷ ᠰᠠᠷ᠎ᠠ ᠢᠢᠨ 21-30 ᠍ ᠤ ᠡᠳᠦᠷ ᠦᠳ ᠳᠥ ᠦᠽᠪᠧᠻᠢᠰᠲ᠋ᠠᠨ ᠤᠯᠤᠰ ᠲᠤ ᠪᠣᠯᠤᠭᠰᠠᠨ ᠠᠽᠶ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠬᠦᠷᠡᠯ ᠮᠧᠳᠠᠯᠢ ᠬᠦᠷᠲᠡᠭᠰᠡᠨ ᠶᠤᠮ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠮᠣᠩ᠋ᠭᠣᠯ ᠤᠨ ᠬᠣᠻᠻᠧᠢ ᠢᠢᠨ ᠬᠣᠯᠪᠣᠭᠠᠨ ᠤ ᠤᠳᠤᠷᠢᠳᠤᠯᠭ᠎ᠠ ᠪᠣᠯᠤᠨ ᠦᠨᠳᠦᠰᠦᠨ ᠦ ᠰᠢᠭᠰᠢᠭᠡ ᠪᠠᠭ ᠤᠨ ᠪᠠᠭᠰᠢ᠂ ᠳᠠᠰᠬᠠᠯᠵᠢᠭᠤᠯᠤᠭᠴᠢ ᠨᠠᠷ ᠲᠤ ᠪᠠᠶᠠᠷ ᠬᠦᠷᠭᠡᠵᠦ᠂ ᠲᠢᠢᠪ᠂ ᠳᠡᠯᠡᠬᠡᠢ ᠢᠢᠨ ᠲᠠᠪᠴᠠᠩ ᠳᠤ ᠲᠥᠷᠥ ᠢᠢᠨ ᠳᠠᠯᠪᠠᠭ᠎ᠠ ᠪᠠᠨ ᠮᠠᠨᠳᠤᠭᠤᠯᠤᠭᠰᠠᠨ ᠳᠤ ᠠᠷᠠᠳ ᠲᠦᠮᠡᠨ ᠦ ᠨᠡᠷ᠎ᠡ ᠢᠢᠨ ᠡᠮᠦᠨ᠎ᠡ ᠡᠴᠡ ᠲᠠᠯᠠᠷᠬᠠᠯ ᠢᠯᠡᠷᠬᠡᠢᠢᠯᠡᠪᠡ᠃
ᠴᠢᠨᠠᠭᠰᠢᠳᠠ ᠪᠡᠯᠡᠳᠬᠡᠯ ᠰᠤᠷᠭᠠᠭᠤᠯᠢᠯᠲᠠ ᠪᠠᠨ ᠴᠢᠨᠠᠷᠲᠠᠢ ᠬᠢᠵᠦ᠂ ᠵᠣᠬᠢᠶᠠᠨ ᠪᠠᠢᠢᠭᠤᠯᠤᠯᠲᠠ ᠪᠠᠨ ᠰᠠᠢᠢᠵᠢᠷᠠᠭᠤᠯᠤᠨ ᠠᠮᠵᠢᠯᠲᠠ ᠪᠠᠨ ᠠᠬᠢᠭᠤᠯᠤᠨ᠎ᠠ ᠭᠡᠳᠡᠭ ᠲᠥ ᠢᠲᠡᠭᠡᠯ ᠲᠡᠢ ᠪᠠᠢᠢᠭ᠎ᠠ ᠪᠠᠨ ᠬᠡᠯᠡᠯ᠎ᠡ᠃


ᠳᠡᠯᠡᠬᠡᠢ ᠢᠢᠨ ᠠᠪᠤᠷᠭᠤ ᠰᠢᠯᠭᠠᠷᠠᠭᠤᠯᠬᠤ IV ᠳ᠋ᠢᠸᠢᠽᠢᠦᠨ ᠤ ᠲᠡᠮᠡᠴᠡᠭᠡᠨ ᠡᠴᠡ ᠠᠩᠬ᠎ᠠ ᠤᠳᠠᠭ᠎ᠠ ᠠᠯᠲᠠᠨ ᠮᠧᠳᠠᠯᠢ ᠬᠦᠷᠢᠲᠦᠵᠦ᠂ III ᠳ᠋ᠢᠸᠢᠽᠢᠦᠨ ᠳᠤ ᠲᠣᠭᠯᠠᠬᠤ ᠡᠷᠬᠡ ᠪᠡᠨ ᠠᠪᠤᠭᠰᠠᠨ ᠨᠢ ᠦᠨᠳᠦᠰᠦᠨ ᠦ ᠰᠢᠭᠰᠢᠭᠡ ᠪᠠᠭ ᠤᠨ ᠲᠠᠮᠢᠷᠴᠢᠨ᠂ ᠳᠠᠰᠬᠠᠯᠵᠢᠭᠤᠯᠤᠭᠴᠢ ᠨᠠᠷ ᠲᠤ ᠤᠷᠮ᠎ᠠ᠂ ᠢᠲᠡᠭᠡᠯ ᠥᠭ᠍ᠭᠦᠭ᠍ᠰᠡᠨ ᠭᠡᠳᠡᠭ ᠢ ᠲᠣᠳᠣᠳᠬᠠᠪᠠ᠃
ᠬᠣᠻᠻᠧᠢ ᠢᠢᠨ ᠦᠨᠳᠦᠰᠦᠨ ᠦ ᠰᠢᠭᠰᠢᠭᠡ ᠪᠠᠭ ᠨᠢ 17-41 ᠨᠠᠰᠤᠨ ᠤ ᠲᠠᠮᠢᠷᠴᠢᠳ ᠠᠴᠠ ᠪᠦᠷᠢᠳᠳᠡᠭ ᠪᠥᠭᠡᠳ ᠵᠠᠯᠠᠭᠤᠴᠤᠳ ᠤᠨ ᠰᠢᠭᠰᠢᠭᠡ ᠪᠠᠭ 2024 ᠣᠨ ᠤ 09 ᠳ᠋ᠤᠭᠡᠷ ᠰᠠᠷ᠎ᠠ ᠳᠤ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠤ ᠪᠣᠯᠬᠤ ᠠᠽᠢ ᠢᠢᠨ ᠠᠪᠤᠷᠭᠤ ᠰᠢᠯᠭᠠᠷᠠᠭᠤᠯᠬᠤ ᠴᠣᠮᠣ ᠢᠢᠨ ᠲᠡᠮᠡᠴᠡᠭᠡᠨ ᠳᠥ ᠣᠷᠣᠯᠴᠠᠬᠤ ᠪᠡᠯᠡᠳᠬᠡᠯ ᠢᠶᠡᠨ ᠬᠠᠩ᠋ᠭᠠᠵᠤ ᠪᠠᠢᠢᠨ᠎ᠠ᠃
ᠬᠣᠻᠻᠧᠢ ᠢᠢᠨ ᠲᠠᠮᠢᠷᠴᠢᠳ ᠪᠥᠮᠪᠥᠭᠡ ᠲᠡᠢ ᠬᠣᠻᠻᠧᠢ ᠢᠢᠨ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ 2017 ᠣᠨ ᠳᠤ ᠮᠥᠩ᠋ᠭᠥᠨ ᠮᠧᠳᠠᠯᠢ᠂ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ 2023 ᠣᠨ ᠳᠤ ᠮᠥᠩ᠋ᠭᠥᠨ ᠮᠧᠳᠠᠯᠢ᠂ ᠠᠽᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ 2018 ᠣᠨ ᠳᠤ ᠠᠯᠲᠠᠨ ᠮᠧᠳᠠᠯᠢ᠂ 2023 ᠣᠨ ᠳᠤ ᠬᠦᠷᠡᠯ ᠮᠧᠳᠠᠯᠢ ᠬᠦᠷᠲᠡᠵᠦ ᠪᠠᠢᠢᠭᠰᠠᠨ ᠶᠤᠮ᠃
