Та "Internet explorer"-ийн сүүлийн хувилбар болох "Microsoft edge"-г ашиглана уу

Хэрэв "Microsoft edge"-г татах бол энд дарж татаж авна уу

ᠬᠦᠨᠡᠰᠦᠨ ᠦ ᠡᠷᠳᠡᠮ ᠰᠢᠨᠵᠢᠯᠡᠭᠡ᠂ ᠰᠤᠳᠤᠯᠭᠠᠨ ᠤ ᠬᠦᠷᠢᠶᠡᠯᠡᠩ ᠪᠠᠶᠢᠭᠤᠯᠤᠯ᠎ᠠ

《ᠬᠦᠨᠡᠰᠦᠨ ᠦ ᠬᠠᠩᠭ᠋ᠠᠮᠵᠢ᠂ ᠠᠶᠤᠯ ᠦᠭᠡᠢ ᠪᠠᠶᠢᠳᠠᠯ ᠢ ᠬᠠᠩᠭ᠋ᠠᠬᠤ ᠲᠠᠯ᠎ᠠ ᠪᠠᠷ ᠠᠪᠬᠤ ᠵᠠᠷᠢᠮ ᠠᠷᠭ᠎ᠠ ᠬᠡᠮᠵᠢᠶᠡᠨ ᠦ ᠲᠤᠬᠠᠢ》 ᠤᠯᠤᠰ ᠤᠨ ᠶᠡᠬᠡ ᠬᠤᠷᠠᠯ ᠤᠨ 2022 ᠣᠨ ᠤ 36 ᠍ ᠳᠤᠭᠠᠷ ᠲᠣᠭᠲᠠᠭᠠᠯ ᠢᠶᠠᠷ 《ᠬᠦᠨᠡᠰᠦᠨ ᠦ ᠡᠷᠳᠡᠮ ᠰᠢᠨᠵᠢᠯᠡᠭᠡ᠂ ᠰᠤᠳᠤᠯᠭᠠᠨ ᠤ ᠬᠦᠷᠢᠶᠡᠯᠡᠩ ᠪᠠᠶᠢᠭᠤᠯᠬᠤ ᠠᠰᠠᠭᠤᠳᠠᠯ ᠢ ᠰᠤᠳᠤᠯᠵᠤ ᠰᠢᠢᠳᠪᠦᠷᠢᠯᠡᠬᠦ》 ᠍ ᠶᠢ ᠮᠣᠩ᠋ᠭᠣᠯ ᠤᠯᠤᠰ ᠤᠨ ᠵᠠᠰᠠᠭ ᠤᠨ ᠭᠠᠵᠠᠷ ᠲᠤ ᠳᠠᠭᠠᠭᠠᠯᠭᠠᠭᠰᠠᠨ᠃

ᠵᠠᠰᠠᠭ ᠤᠨ ᠭᠠᠵᠠᠷ ᠤᠨ 2024 ᠣᠨ ᠤ 05 ᠳ᠋ᠤᠭᠠᠷ ᠰᠠᠷ᠎ᠠ ᠶᠢᠨ 15 ᠍ ᠤ ᠡᠳᠦᠷ ᠦᠨ ᠬᠤᠷᠠᠯᠳᠤᠭᠠᠨ ᠢᠶᠠᠷ ᠬᠦᠨᠡᠰᠦᠨ ᠦ ᠡᠷᠳᠡᠮ ᠰᠢᠨᠵᠢᠯᠡᠭᠡ᠂ ᠰᠤᠳᠤᠯᠭᠠᠨ ᠤ ᠬᠦᠷᠢᠶᠡᠯᠡᠩ ᠢ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠶᠡᠬᠡ ᠰᠤᠷᠭᠠᠭᠤᠯᠢ ᠶᠢᠨ 《ᠬᠦᠨᠡᠰᠦᠨ ᠦ ᠰᠤᠳᠤᠯᠭ᠎ᠠ ᠢᠨ᠋᠊ᠨᠣᠸᠠᠼ ᠤᠨ ᠨᠡᠭᠡᠭᠡᠯᠲᠡᠲᠡᠢ ᠲᠥᠪ》 ᠢ ᠲᠦᠰᠢᠭᠯᠡᠨ ᠪᠠᠶᠢᠭᠤᠯᠬᠤ ᠪᠠᠷ ᠪᠣᠯᠤᠯ᠎ᠠ᠃

ᠬᠦᠷᠢᠶᠡᠯᠡᠩ ᠨᠢ ᠬᠦᠨᠡᠰᠦᠨ ᠦ ᠠᠶᠤᠯ ᠦᠭᠡᠢ ᠪᠠᠶᠢᠳᠠᠯ ᠢ ᠬᠠᠩ᠋ᠭᠠᠬᠤ᠂ ᠬᠦᠮᠦᠨ ᠠᠮᠠ ᠶᠢᠨ ᠡᠷᠡᠭᠦᠯ ᠮᠡᠨᠳᠦ ᠶᠢ ᠳᠡᠮᠵᠢᠬᠦ᠂ ᠬᠦᠨᠡᠰᠦᠨ ᠦ ᠲᠦᠭᠦᠬᠡᠢ ᠡᠳ᠋᠂ ᠪᠦᠲᠦᠭᠡᠭ᠍ᠳᠡᠬᠦᠨ ᠦ ᠨᠠᠶᠢᠷᠠᠯᠭ᠎ᠠ᠂ ᠪᠦᠲᠦᠴᠡ᠂ ᠤᠤᠭᠠᠯ ᠭᠠᠷᠤᠯ᠂ ᠪᠢᠣᠯᠣᠭᠢ ᠶᠢᠨ ᠲᠥᠷᠦᠯ ᠵᠦᠢᠯ ᠦᠨ ᠰᠤᠳᠤᠯᠭ᠎ᠠ ᠶᠢ ᠬᠥᠭ᠍ᠵᠢᠭᠦᠯᠬᠦ᠂ ᠰᠤᠳᠤᠯᠭᠠᠨ ᠳᠤ ᠲᠤᠯᠭᠠᠭᠤᠷᠢᠯᠠᠨ ᠰᠢᠨ᠎ᠡ ᠮᠡᠳᠡᠯᠭᠡ ᠪᠤᠢ ᠪᠣᠯᠭᠠᠬᠤ ᠵᠠᠮ ᠢᠶᠠᠷ ᠲᠥᠷᠦ ᠶᠢᠨ ᠪᠣᠳᠣᠯᠭ᠎ᠠ ᠳᠤ ᠳᠡᠮᠵᠢᠯᠭᠡ ᠦᠵᠡᠭᠦᠯᠬᠦ ᠶᠤᠮ᠃

ᠢᠩ᠋ᠭᠢᠭ᠍ᠰᠡᠨ ᠢᠶᠡᠷ ᠬᠦᠨᠡᠰᠦᠨ ᠦ ᠰᠠᠯᠪᠤᠷᠢ ᠶᠢᠨ ᠬᠥᠭ᠍ᠵᠢᠯ ᠰᠢᠨ᠎ᠡ ᠱᠠᠲᠤᠨ ᠳᠤ ᠭᠠᠷᠬᠤ᠂ ᠬᠦᠨᠡᠰᠦᠨ ᠦ ᠦᠢᠯᠡᠳᠪᠦᠷᠢᠯᠡᠯ ᠢ ᠰᠢᠨᠵᠢᠯᠡᠬᠦ ᠤᠬᠠᠭᠠᠨᠴᠢ ᠪᠠᠷ ᠬᠥᠭ᠍ᠵᠢᠭᠦᠯᠬᠦ᠂ ᠬᠦᠨᠡᠰᠦᠨ ᠦ ᠠᠶᠤᠯ ᠦᠭᠡᠢ ᠪᠠᠶᠢᠳᠠᠯ ᠢ ᠬᠠᠩ᠋ᠭᠠᠬᠤ᠂ ᠪᠡᠶ᠎ᠡ ᠳᠠᠭᠠᠭᠠᠭᠰᠠᠨ ᠰᠠᠯᠪᠤᠷᠢ ᠰᠢᠨᠵᠢᠯᠡᠬᠦ ᠤᠬᠠᠭᠠᠨ ᠪᠣᠯᠤᠨ ᠬᠥᠭ᠍ᠵᠢᠬᠦ ᠪᠣᠯᠤᠮᠵᠢ ᠪᠥᠷᠢᠳᠦᠨ᠎ᠡ᠃

ᠮᠥᠨ ᠦᠨᠳᠦᠰᠦᠨ ᠦ ᠪᠣᠯᠤᠨ ᠣᠯᠠᠨ ᠤᠯᠤᠰ ᠤᠨ ᠲᠥᠰᠥᠯ᠂ ᠬᠥᠲᠥᠯᠪᠦᠷᠢ ᠬᠡᠷᠡᠭᠵᠢᠭᠦᠯᠬᠦ᠂ ᠦᠢᠯᠡᠳᠪᠦᠷᠢᠯᠡᠯ ᠳᠥ ᠰᠢᠨ᠎ᠡ ᠪᠦᠲᠦᠭᠡᠭ᠍ᠳᠡᠬᠦᠨ ᠦ ᠲᠧᠭᠨᠣᠯᠣᠭᠢ ᠨᠡᠪᠲᠡᠷᠡᠭᠦᠯᠬᠦ᠂ ᠨᠤᠲᠤᠭᠰᠢᠭᠤᠯᠬᠤ᠂ ᠬᠦᠨᠡᠰᠦᠨ ᠦ ᠲᠦᠭᠦᠬᠡᠢ ᠡᠳ᠋᠂ ᠦᠢᠯᠡᠳᠪᠦᠷᠢᠯᠡᠯ ᠦᠨ ᠰᠢᠨ᠎ᠡ ᠡᠬᠢ ᠡᠭᠦᠰᠪᠦᠷᠢ ᠪᠤᠢ ᠪᠣᠯᠭᠠᠬᠤ᠂ ᠬᠦᠨᠡᠰᠦᠨ ᠦ ᠢᠮᠫᠣᠷᠲ ᠤᠨ ᠬᠠᠮᠢᠶᠠᠷᠤᠯ ᠢ ᠪᠠᠭᠤᠷᠠᠭᠤᠯᠬᠤ ᠵᠡᠷᠭᠡ ᠠᠴᠢ ᠬᠣᠯᠪᠣᠭᠳᠠᠯ ᠲᠠᠢ ᠭᠡᠵᠦ ᠦᠵᠡᠯ᠎ᠡ᠃

ᠬᠦᠨᠡᠰᠦᠨ ᠦ ᠡᠷᠳᠡᠮ ᠰᠢᠨᠵᠢᠯᠡᠭᠡ᠂ ᠰᠤᠳᠤᠯᠭᠠᠨ ᠤ ᠬᠦᠷᠢᠶᠡᠯᠡᠩ ᠪᠠᠶᠢᠭᠤᠯᠬᠤ ᠲᠠᠢ ᠬᠣᠯᠪᠣᠭ᠎ᠠ ᠲᠠᠢ ᠵᠠᠷᠤᠳᠠᠯ ᠢ ᠪᠣᠯᠪᠠᠰᠤᠷᠠᠯ᠂ ᠰᠢᠨᠵᠢᠯᠡᠬᠦ ᠤᠬᠠᠭᠠᠨ ᠤ ᠶᠠᠮᠤ 2024 ᠣᠨ ᠤ ᠪᠠᠲᠤᠯᠠᠭᠳᠠᠭᠰᠠᠨ ᠲᠥᠰᠦᠪ ᠡᠴᠡ ᠪᠡᠨ ᠭᠠᠷᠭᠠᠬᠤ ᠪᠥᠭᠡᠳ ᠴᠢᠨᠠᠭᠰᠢᠳᠠ ᠵᠢᠯ ᠪᠦᠷᠢ ᠶᠢᠨ ᠤᠯᠤᠰ ᠤᠨ ᠲᠥᠰᠦᠪ ᠲᠥ ᠲᠤᠰᠬᠠᠬᠤ ᠶᠤᠮ᠃