ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠻᠣᠮᠠᠨ᠋ᠳ᠋ᠯᠠᠭᠴᠢ ᠤᠬᠤᠨ᠎ᠠ ᠢᠢᠨ ᠬᠦᠷᠡᠯᠰᠦ᠋ᠬᠡ ᠬᠠᠨ-ᠠᠭᠤᠯᠠ ᠳᠡᠭᠦᠷᠭᠡ ᠢᠢᠨ ᠣᠨᠴᠤᠭᠤᠢ ᠪᠠᠢᠢᠳᠠᠯ ᠤᠨ ᠬᠡᠯᠲᠡᠰ ᠦᠨ ᠭᠠᠯ ᠲᠦᠢᠮᠡᠷ ᠤᠨᠲᠠᠷᠠᠭᠠᠬᠤ᠂ ᠠᠪᠤᠷᠠᠬᠤ 14 ᠳ᠋ᠤᠭᠡᠷ ᠠᠩ᠋ᠭᠢ ᠢᠢᠨ ᠠᠪᠤᠷᠠᠭᠴᠢ ᠭᠠᠯ ᠰᠥᠨᠦᠭᠡᠭ᠍ᠴᠢ᠂ ᠠᠬᠠᠯᠠᠬᠤ ᠠᠬᠠᠯᠠᠭᠴᠢ ᠲ᠊᠂ ᠲᠡᠮᠦᠵᠢᠨ ᠳᠥ 《ᠣᠨᠴᠤᠭᠤᠢ ᠪᠠᠢᠢᠳᠠᠯ ᠤᠨ ᠠᠯᠪᠠᠨ ᠤ ᠠᠩᠬᠠᠨ ᠤ ᠰᠠᠢᠢᠳ ᠤᠨ ᠨᠡᠷᠡᠮᠵᠢᠲᠦ ᠱᠠᠩᠨᠠᠯ》᠂ 20 ᠰᠠᠶ᠎ᠠ ᠲᠥᠭᠦᠷᠢᠭ᠌ ᠭᠠᠷᠳᠠᠭᠤᠯᠤᠯ᠎ᠠ᠃
ᠠᠬᠠᠯᠠᠬᠤ ᠠᠬᠠᠯᠠᠭᠴᠢ ᠲ᠊᠂ ᠲᠡᠮᠦᠵᠢᠨ ᠣᠨᠴᠤᠭᠤᠢ ᠪᠠᠢᠢᠳᠠᠯ ᠤᠨ ᠪᠠᠢᠢᠭᠤᠯᠤᠯᠭ᠎ᠠ ᠳᠤ 22 ᠳᠠᠬᠢ ᠵᠢᠯ ᠳᠠᠭᠡᠨ ᠠᠵᠢᠯᠯᠠᠵᠤ ᠪᠠᠢᠢᠨ᠎ᠠ᠃ ᠡᠨᠡ ᠬᠤᠭᠤᠴᠠᠭᠠᠨ ᠳᠤ 3.400 ᠣᠷᠴᠢᠮ ᠤᠳᠠᠭ᠎ᠠ ᠢᠢᠨ ᠳᠠᠭᠤᠳᠠᠯᠭ᠎ᠠ ᠳᠤ ᠠᠵᠢᠯᠯᠠᠵᠤ᠂ 2.056 ᠬᠦᠮᠦᠨ ᠦ ᠠᠮᠢ ᠨᠠᠰᠤ᠂ 256 ᠲᠡᠷᠪᠤᠮ ᠲᠥᠭᠥᠷᠢᠭ᠌ ᠦᠨ ᠥᠮᠴᠢ ᠬᠥᠷᠥᠩ᠋ᠭᠡ ᠢᠢ ᠠᠪᠤᠷᠠᠨ ᠬᠠᠮᠠᠭᠠᠯᠠᠵᠠᠢ᠃
ᠲᠡᠷᠡ ᠪᠡᠷ 2014 ᠣᠨ ᠳᠤ ᠪᠦᠭᠦᠳᠡ ᠨᠠᠢᠢᠷᠠᠮᠳᠠᠬᠤ ᠡᠮᠦᠨᠡᠲᠦ ᠰᠥ᠋ᠳᠠᠨ ᠤᠯᠤᠰ ᠳᠠᠬᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠡ᠊ᠩᠬᠡ ᠢᠢ ᠰᠠᠬᠢᠭᠤᠯᠬᠤ 《ANMMISS》 ᠠᠵᠢᠯᠯᠠᠭᠠᠨ ᠳᠤ ᠡᠭᠦᠷᠭᠡ ᠭᠦᠢᠴᠡᠳᠭᠡᠭ᠍ᠰᠡᠨ᠃ ᠡᠨᠡ ᠦᠶ᠎ᠡ ᠪᠡᠷ 16 ᠤᠯᠤᠰ ᠤᠨ 3.000 ᠭᠠᠷᠤᠢ ᠠᠯᠪᠠ ᠬᠠᠭᠠᠭᠴᠢ ᠢᠢᠨ ᠳᠤᠮᠳᠠ ᠵᠣᠬᠢᠶᠠᠭᠰᠠᠨ 10 ᠻᠢᠯᠣᠮᠧᠲ᠋ᠷ ᠭᠦᠶᠦᠯᠲᠡ ᠢᠢᠨ ᠠᠪᠤᠷᠭᠤ᠂ ᠤᠯᠠᠮ ᠢᠶᠠᠷ ᠮᠣᠩ᠋ᠭᠣᠯ ᠤᠯᠤᠰ ᠤᠨ ᠪᠠᠲ᠋ᠯᠢᠣᠨ ᠤ ᠰᠢᠯᠢᠳᠡᠭ ᠠᠬᠠᠯᠠᠭᠴᠢ ᠪᠣᠯᠵᠤ ᠪᠠᠢᠢᠵᠠᠢ᠃
ᠲ᠊᠂ ᠲᠡᠮᠦᠵᠢᠨ ᠶᠡᠷᠦᠩᠬᠡᠢᠢᠯᠡᠭᠴᠢ ᠢᠢᠨ ᠨᠡᠷᠡᠮᠵᠢᠲᠦ ᠲᠤᠰᠬᠠᠢᠢᠯᠠᠭᠰᠠᠨ ᠴᠢᠭ᠌ ᠡᠭᠦᠷᠭᠡ ᠪᠦᠬᠦᠢ ᠪᠠᠢᠢᠭᠤᠯᠤᠯᠭ᠎ᠠ ᠨᠤᠭᠤᠳ ᠤᠨ ᠳᠤᠮᠳᠠ ᠵᠣᠬᠢᠶᠠᠳᠠᠭ 《ᠮᠠᠷᠱ ᠲᠠᠻᠲ᠋ᠢᠭ ᠲᠤᠰᠬᠠᠢ ᠪᠡᠯᠡᠳᠬᠡᠯ ᠦᠨ ᠲᠡᠮᠡᠴᠡᠭᠡᠨ》 ᠳᠤ ᠭᠤᠷᠪᠠᠨ ᠤᠳᠠᠭ᠎ᠠ ᠮᠥᠩ᠋ᠭᠥᠨ ᠮᠧᠳᠠᠯᠢ ᠬᠦᠷᠲᠡᠭᠰᠡᠨ᠃
2002 ᠣᠨ ᠠᠴᠠ ᠤᠯᠤᠰ ᠤᠨ ᠴᠢᠨᠠᠷᠲᠠᠢ ᠲᠡᠮᠡᠴᠡᠭᠡᠨ ᠨᠤᠭᠦᠳ ᠲᠥ ᠣᠷᠣᠯᠴᠠᠵᠤ᠂ 53 ᠠᠯᠲᠠ᠂ 27 ᠮᠥᠩ᠋ᠭᠥ᠂ 16 ᠬᠦᠷᠡᠯ ᠮᠧᠳᠠᠯᠢ ᠬᠦᠷᠲᠡᠨ᠂ 2018 ᠣᠨ ᠳᠤ ᠭᠦᠶᠦᠯᠲᠡ ᠢᠢᠨ ᠰᠫᠣᠷᠲ ᠤᠨ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠪᠣᠯᠵᠠᠢ᠃