Та "Internet explorer"-ийн сүүлийн хувилбар болох "Microsoft edge"-г ашиглана уу

Хэрэв "Microsoft edge"-г татах бол энд дарж татаж авна уу

ᠪᠥ᠊᠂ ᠨᠠᠢᠢ᠊᠂ ᠰᠤ᠊᠂ ᠤᠯᠤᠰ ᠍ ᠠᠴᠠ ᠮᠣᠩ᠋ᠭᠣᠯ ᠤᠯᠤᠰ ᠲᠤ ᠰᠠᠭᠤᠬᠤ ᠡᠯᠴᠢᠨ ᠰᠠᠢᠢᠳ ᠢᠲᠡᠭᠡᠮᠵᠢᠯᠡᠬᠦ ᠵᠢᠭᠤᠬᠤ ᠪᠢᠴᠢᠭ ᠢᠶᠡᠨ ᠡᠷᠭᠥᠨ ᠪᠠᠷᠢᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳᠥ ᠪᠥ᠊᠂ ᠨᠠᠢᠢ᠊᠂ ᠰᠤ᠊᠂ ᠤᠯᠤᠰ ᠍ ᠠᠴᠠ ᠮᠣᠩ᠋ᠭᠣᠯ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠴᠣᠢ ᠵᠢᠨ ᠸᠣᠩ ᠢᠲᠡᠭᠡᠮᠵᠢᠯᠡᠬᠦ ᠵᠢᠭᠤᠬᠤ ᠪᠢᠴᠢᠭ᠌ ᠢᠶᠡᠨ ᠡᠷᠭᠥᠨ ᠪᠠᠷᠢᠯ ᠠ᠃

ᠡᠯᠴᠢᠨ ᠰᠠᠢᠢᠳ ᠢ ᠡᠭᠦᠷᠭᠡᠳᠦ ᠠᠵᠢᠯ ᠳᠠᠭᠠᠨ ᠣᠷᠣᠵᠤ ᠪᠤᠢ ᠳᠤ ᠨᠢ ᠶᠡᠷᠦᠩᠬᠡᠢᠢᠯᠡᠭᠴᠢ ᠪᠠᠶᠠᠷ ᠬᠦᠷᠭᠡᠵᠦ᠂ ᠠᠮᠵᠢᠯᠲᠠ ᠬᠦᠰᠡᠪᠡ᠃

ᠲᠡᠷᠡ ᠪᠡᠷ ᠬᠣᠶᠠᠷ ᠣᠷᠣᠨ ᠤ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ 《ᠰᠲ᠋ᠷᠠᠲ᠋ᠧᠭᠢ ᠢᠢᠨ ᠲᠦᠩᠰᠢᠯᠡᠯ》 ᠍ ᠦᠨ ᠲᠦᠪᠰᠢᠨ ᠳᠥ ᠪᠦᠬᠦ ᠰᠠᠯᠪᠤᠷᠢ ᠳᠤ ᠭᠦᠨᠵᠡᠭᠡᠢᠢᠷᠡᠨ ᠬᠥᠭ᠍ᠵᠢᠵᠦ ᠪᠠᠢᠢᠭ᠎ᠠ ᠳᠤ ᠰᠡᠳᠬᠢᠯ ᠬᠠᠩ᠋ᠭᠠᠯᠤᠭᠤᠨ ᠪᠤᠢ ᠪᠠᠨ ᠲᠡᠮᠳᠡᠭᠯᠡᠪᠡ᠃

ᠴᠢᠨᠠᠭᠰᠢᠳᠠ ᠬᠤᠳᠠᠯᠳᠤᠭ᠎ᠠ᠂ ᠬᠥᠷᠥᠩ᠋ᠭᠡ ᠣᠷᠣᠭᠤᠯᠤᠯᠲᠠ᠂ ᠡᠳ᠋ ᠍ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠰᠢᠨ᠎ᠡ ᠱᠠᠲᠤᠨ ᠳᠤ ᠭᠠᠷᠭᠠᠬᠤ᠂ ᠲᠡᠭᠦᠨ ᠦ ᠳᠣᠲᠣᠷ᠎ᠠ 《ᠡᠳ᠋ ᠍ ᠦᠨ ᠵᠠᠰᠠᠭ ᠤᠨ ᠲᠦᠩᠰᠢᠯᠡᠯ ᠦᠨ ᠬᠡᠯᠡᠯᠴᠡᠭᠡᠷ》 ᠪᠠᠢᠢᠭᠤᠯᠬᠤ᠂ ᠢᠷᠭᠡᠳ ᠬᠠᠷᠢᠯᠴᠠᠨ ᠵᠣᠷᠴᠢᠬᠤ ᠲᠠᠭᠠᠲᠠᠢ ᠨᠥᠬᠥᠴᠡᠯ ᠪᠦᠷᠢᠳᠦᠭᠦᠯᠬᠦ ᠴᠢᠭᠯᠡᠯ ᠢᠶᠡᠷ ᠡᠯᠴᠢᠨ ᠰᠠᠢᠢᠳ ᠢ ᠢᠳᠡᠪᠬᠢ ᠵᠢᠳᠬᠦᠯᠲᠡᠢ ᠠᠵᠢᠯᠯᠠᠨ᠎ᠠ ᠭᠡᠳᠡᠭ ᠲᠥ ᠢᠲᠡᠭᠡᠵᠦ ᠪᠤᠢ ᠪᠠᠨ ᠬᠡᠯᠡᠪᠡ᠃

ᠡᠯᠴᠢᠨ ᠰᠠᠢᠢᠳ ᠴᠣᠢ ᠵᠢᠨ ᠸᠣᠩ ᠮᠣᠩ᠋ᠭᠣᠯ ᠤᠯᠤᠰ ᠲᠤ ᠳᠠᠬᠢᠨ ᠲᠣᠮᠢᠯᠠᠭᠳᠠᠵᠤ᠂ ᠡᠨᠡ ᠤᠳᠠᠭ᠎ᠠ ᠡᠯᠴᠢᠨ ᠰᠠᠢᠢᠳ ᠢᠶᠠᠷ ᠠᠵᠢᠯᠯᠠᠬᠤ ᠪᠣᠯᠤᠭᠰᠠᠨ ᠳᠠᠭᠠᠨ ᠪᠠᠶᠠᠷᠲᠠᠢ ᠪᠠᠢᠢᠭ᠎ᠠ ᠪᠠᠨ ᠢᠯᠡᠷᠬᠡᠢᠢᠯᠡᠪᠡ᠃

ᠲᠡᠷᠡ ᠪᠡᠷ ᠬᠣᠶᠠᠷ ᠤᠯᠤᠰ ᠤᠨ ᠡᠳ᠋ ᠍ ᠦᠨ ᠵᠠᠰᠠᠭ ᠤᠨ ᠪᠣᠳᠠᠲᠤ ᠬᠠᠮᠲᠤ ᠢᠢᠨ ᠠᠵᠢᠯᠯᠠᠭ᠎ᠠ ᠢᠢ ᠳᠡᠮᠵᠢᠬᠦ᠂ ᠢᠷᠭᠡᠳ ᠬᠠᠷᠢᠯᠴᠠᠨ ᠵᠣᠷᠴᠢᠬᠤ ᠨᠥᠬᠥᠴᠡᠯ ᠢ ᠬᠥᠩ᠋ᠭᠡᠪᠴᠢᠯᠡᠬᠦ ᠴᠢᠭᠯᠡᠯ ᠢᠶᠡᠷ ᠣᠨᠴᠠᠭᠠᠢ ᠠᠩᠬᠠᠷᠴᠤ ᠠᠵᠢᠯᠯᠠᠨ᠎ᠠ ᠭᠡᠯ᠎ᠡ᠃