ᠮᠣᠩ᠋᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠨ ᠪᠣᠯᠪᠠᠰᠤᠷᠠᠭᠤᠯᠤᠭᠰᠠᠨ 《ᠮᠠᠯ ᠤᠨ ᠭᠠᠷᠤᠯ ᠲᠠᠢ ᠲᠦᠭᠦᠬᠡᠢ ᠡᠳ᠋ ᠦᠨ ᠪᠣᠯᠪᠠᠰᠤᠷᠠᠭᠤᠯᠬᠤ ᠦᠢᠯᠡᠳᠪᠦᠷᠢᠯᠡᠯ ᠢ ᠳᠡᠮᠵᠢᠬᠦ ᠵᠠᠷᠢᠮ ᠠᠷᠭ᠎ᠠ ᠬᠡᠮᠵᠢᠶᠡᠨ ᠦ ᠲᠤᠬᠠᠢ》 ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠲᠥᠰᠦᠯ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊᠂ ᠰᠣᠳᠤᠪᠠᠭᠠᠲᠤᠷ ᠤᠯᠤᠰ ᠤᠨ ᠶᠡᠬᠡ ᠬᠤᠷᠠᠯ ᠤᠨ ᠳᠠᠷᠤᠭ᠎ᠠ ᠭᠤ᠊᠂ ᠽᠠᠨᠳᠠᠨᠰᠢᠲᠠᠷ᠎ᠠ ᠳᠤ ᠡᠷᠭᠥᠨ ᠪᠠᠷᠢᠯ ᠠ᠃
ᠲᠣᠭᠲᠠᠭᠠᠯ ᠤᠨ ᠬᠦᠷᠢᠶᠡᠨ ᠳᠥ 《ᠴᠠᠭᠠᠨ ᠠᠯᠲᠠ》 ᠦᠨᠳᠦᠰᠦᠨ ᠦ ᠬᠥᠲᠦᠯᠪᠦᠷᠢ ᠬᠡᠷᠡᠭᠵᠢᠭᠦᠯᠬᠦ ᠪᠡᠷ ᠲᠥᠯᠦᠪᠯᠡᠵᠦ ᠪᠠᠢᠢᠨ᠎ᠠ᠃
ᠡᠭᠥᠨ ᠥ ᠥᠷ ᠡ ᠳ᠋ᠥᠩ ᠳᠥ᠄
• ᠨᠣᠯᠣᠤᠷ ᠤᠨ ᠪᠥᠷᠢᠨ ᠪᠣᠯᠪᠠᠰᠤᠷᠠᠭᠤᠯᠤᠯᠲᠠ ᠢᠢᠨ ᠲᠦᠪᠰᠢᠨ ᠢ 20 ᠬᠤᠪᠢ ᠠᠴᠠ 40 ᠬᠤᠪᠢ ᠬᠦᠷᠲᠡᠯ᠎ᠡ ᠨᠡᠮᠡᠭᠳᠡᠭᠦᠯᠵᠦ᠂ ᠦᠢᠯᠡᠳᠪᠦᠷᠢᠯᠡᠯ ᠢ 1.5 ᠶᠡᠬᠡ ᠨᠠᠶᠤᠳ ᠲᠥᠭᠦᠷᠢᠭ᠌ ᠡᠴᠡ 2.3 ᠶᠡᠬᠡ ᠨᠠᠶᠤᠳ ᠲᠥᠭᠦᠷᠢᠭ᠌᠂ ᠡᠻᠰᠫᠣᠷᠲ ᠢ 398 ᠰᠠᠶ᠎ᠠ ᠠᠮᠠ᠂ ᠳ᠋ᠣᠯᠯᠠᠷ ᠠᠴᠠ 690 ᠰᠠᠶ᠎ᠠ ᠠᠮᠠ᠂ ᠳ᠋ᠣᠯᠯᠠᠷ ᠬᠦᠷᠲᠡᠯ᠎ᠡ ᠨᠡᠮᠡᠭᠳᠡᠭᠦᠯᠵᠦ᠂ ᠰᠢᠨ᠎ᠡ ᠪᠡᠷ ᠭᠤᠷᠪᠠᠨ ᠮᠢᠩ᠋᠋ᠭᠠ ᠭᠠᠷᠤᠢ ᠠᠵᠢᠯ ᠤᠨ ᠪᠠᠢᠢᠷᠢ ᠪᠤᠢ ᠪᠣᠯᠤᠨ᠎ᠠ᠃
• ᠨᠣᠣᠰᠣᠨ ᠤ ᠪᠣᠯᠪᠠᠰᠤᠷᠠᠭᠤᠯᠤᠯᠲᠠ ᠢᠢᠨ ᠲᠦᠪᠰᠢᠨ ᠢ 25 ᠬᠤᠪᠢ ᠠᠴᠠ 55 ᠬᠤᠪᠢ ᠬᠦᠷᠲᠡᠯ᠎ᠡ ᠨᠡᠮᠡᠭᠳᠡᠭᠦᠯᠵᠦ᠂ ᠦᠢᠯᠡᠳᠪᠦᠷᠢᠯᠡᠯ ᠢ 240 ᠲᠡᠷᠪᠤᠮ ᠲᠥᠭᠦᠷᠢᠭ᠌ ᠡᠴᠡ 670 ᠲᠡᠷᠪᠤᠮ ᠲᠥᠭᠦᠷᠢᠭ᠌᠂ ᠡᠻᠰᠫᠣᠷᠲ ᠢ 52 ᠰᠠᠶ᠎ᠠ ᠠᠮᠠ᠂ ᠳ᠋ᠣᠯᠯᠠᠷ ᠠᠴᠠ 119 ᠰᠠᠶ᠎ᠠ ᠠᠮᠠ᠂ ᠳ᠋ᠣᠯᠯᠠᠷ ᠬᠦᠷᠲᠡᠯ᠎ᠡ ᠨᠡᠮᠡᠭᠳᠡᠭᠦᠯᠵᠦ᠂ ᠰᠢᠨ᠎ᠡ ᠪᠡᠷ 2.200 ᠣᠷᠴᠢᠮ ᠠᠵᠢᠯ ᠤᠨ ᠪᠠᠢᠢᠷᠢ ᠪᠤᠢ ᠪᠣᠯᠤᠨ᠎ᠠ᠃
• ᠠᠷᠠᠰᠤ᠂ ᠰᠢᠷᠢᠨ ᠦ ᠪᠣᠯᠪᠠᠰᠤᠷᠠᠭᠤᠯᠤᠯᠲᠠ ᠢᠢᠨ ᠲᠦᠪᠰᠢᠨ ᠢ 30 ᠬᠤᠪᠢ ᠠᠴᠠ 50 ᠬᠤᠪᠢ ᠬᠦᠷᠲᠡᠯ᠎ᠡ ᠨᠡᠮᠡᠭᠳᠡᠭᠦᠯᠵᠦ᠂ ᠪᠣᠷᠣᠯᠠᠭᠤᠯᠤᠯᠲᠠ ᠢᠢ 57.8 ᠲᠡᠷᠪᠤᠮ ᠲᠥᠭᠦᠷᠢᠭ᠌ ᠡᠴᠡ 900 ᠲᠡᠷᠪᠤᠮ ᠲᠥᠭᠦᠷᠢᠭ᠌᠂ ᠡᠻᠰᠫᠣᠷᠲ ᠢ 9.6 ᠰᠠᠶ᠎ᠠ ᠠᠮᠠ᠂ ᠳ᠋ᠣᠯᠯᠠᠷ ᠠᠴᠠ 22.4 ᠰᠠᠶ᠎ᠠ ᠠᠮᠠ᠂ ᠳ᠋ᠣᠯᠯᠠᠷ ᠬᠦᠷᠲᠡᠯ᠎ᠡ ᠨᠡᠮᠡᠭᠳᠡᠭᠦᠯᠵᠦ᠂ ᠰᠢᠨ᠎ᠡ ᠪᠡᠷ ᠭᠤᠷᠪᠠᠨ ᠮᠢᠩ᠋᠋ᠭᠠ ᠭᠠᠷᠤᠢ ᠠᠵᠢᠯ ᠤᠨ ᠪᠠᠢᠢᠷᠢ ᠪᠤᠢ ᠪᠣᠯᠤᠨ᠎ᠠ ᠭᠡᠵᠦ ᠲᠣᠭᠠᠴᠠᠭᠠᠯᠠᠵᠤ ᠪᠠᠢᠢᠨ᠎ᠠ᠃
《ᠴᠠᠭᠠᠨ ᠠᠯᠲᠠ》 ᠦᠨᠳᠦᠰᠦᠨ ᠦ ᠬᠥᠲᠦᠯᠪᠦᠷᠢ ᠢᠢᠨ ᠨᠡᠢᠢᠲᠡ ᠲᠥᠰᠦᠪ 2.19 ᠶᠡᠬᠡ ᠨᠠᠶᠤᠳ ᠲᠥᠭᠦᠷᠢᠭ᠌ ᠪᠥᠭᠡᠳ ᠡᠭᠦᠨ ᠡᠴᠡ 682.4 ᠲᠡᠷᠪᠤᠮ ᠲᠥᠭᠦᠷᠢᠭ᠌ ᠢ ᠤᠯᠤᠰ ᠤᠨ ᠲᠥᠰᠦᠪ ᠡᠴᠡ ᠰᠠᠩᠬᠦᠵᠢᠭᠦᠯᠬᠦ ᠪᠡᠷ ᠲᠥᠯᠦᠪᠯᠡᠭᠰᠡᠨ᠃ ᠠᠷᠠᠯᠵᠢᠶᠠᠨ ᠤ ᠪᠠᠩᠻᠢ ᠨᠤᠭᠤᠳ ᠦᠢᠯᠡᠳᠪᠦᠷᠢ᠂ ᠠᠵᠤ ᠠᠬᠤᠢ ᠢᠢᠨ ᠨᠢᠭᠡᠴᠡ ᠨᠤᠭᠦᠳ ᠲᠥ 1.51 ᠶᠡᠬᠡ ᠨᠠᠶᠤᠳ ᠲᠥᠭᠦᠷᠢᠭ᠌ ᠦᠨ ᠵᠡᠭᠡᠯᠠ ᠣᠯᠭᠤᠬᠤ ᠶᠤᠮ ᠪᠠᠢᠢᠨ᠎ᠠ᠃