Та "Internet explorer"-ийн сүүлийн хувилбар болох "Microsoft edge"-г ашиглана уу

Хэрэв "Microsoft edge"-г татах бол энд дарж татаж авна уу

ᠡᠮᠦᠨᠡᠭ᠋ᠤᠪᠢ ᠠᠢᠢᠮᠠᠭ ᠤᠨ ᠳᠠᠯᠠᠨᠵᠠᠳᠠᠭᠠᠳ ᠰᠤᠮᠤ ᠢᠢ ᠠᠯᠲᠠᠨ ᠭᠠᠳᠠᠰᠤ ᠣᠳᠣᠨ ᠢᠶᠠᠷ ᠱᠠᠩᠨᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠨ᠂ ᠤᠯᠤᠰ ᠣᠷᠣᠨ ᠤ ᠨᠡᠢᠢᠭᠡᠮ᠂ ᠡᠳ᠋ ᠦᠨ ᠵᠠᠰᠠᠭ ᠤᠨ ᠬᠥᠭ᠍ᠵᠢᠯ ᠳᠥ ᠪᠣᠳᠠᠲᠤ ᠬᠤᠪᠢ ᠨᠡᠮᠡᠷᠢ ᠣᠷᠣᠭᠤᠯᠵᠤ᠂ ᠡᠮᠦᠨᠡᠭᠣᠪᠢ ᠠᠢᠢᠮᠠᠭ ᠤᠨ ᠰᠢᠯᠢᠳᠡᠭ ᠰᠤᠮᠤ ᠪᠠᠷ ᠤᠳᠠᠭ᠎ᠠ ᠳᠠᠷᠠᠭ᠎ᠠ ᠰᠢᠯᠭᠠᠷᠠᠵᠤ ᠪᠠᠢᠢᠭ᠎ᠠ ᠠᠮᠵᠢᠯᠲᠠ᠂ ᠪᠦᠲᠦᠭᠡᠯ᠂ ᠰᠤᠮᠤ ᠢᠢᠨ ᠠᠷᠠᠳ ᠢᠷᠭᠡᠳ ᠦᠨ ᠠᠵᠢᠯ ᠦᠢᠯᠡᠰ᠂ ᠭᠠᠪᠢᠶ᠎ᠠ ᠵᠢᠳᠬᠦᠯ ᠢ ᠨᠢ ᠦᠨᠡᠯᠡᠵᠦ ᠡᠮᠦᠨᠡᠭᠣᠪᠢ ᠠᠢᠢᠮᠠᠭ ᠤᠨ ᠳᠠᠯᠠᠨᠵᠠᠳᠠᠭᠠᠳ ᠰᠤᠮᠤ ᠢᠢ ᠠᠯᠲᠠᠨ ᠭᠠᠳᠠᠰᠤ ᠣᠳᠣᠨ ᠢᠶᠠᠷ ᠱᠠᠩᠨᠠᠯ᠎ᠠ᠃

ᠱᠠᠩᠨᠠᠯ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊᠂ ᠰᠣᠳᠤᠪᠠᠭᠠᠲᠤᠷ ᠭᠠᠷᠳᠠᠭᠤᠯᠵᠤ᠂ ᠰᠤᠮᠤ ᠢᠢᠨ ᠲᠥᠷᠦ᠂ ᠵᠠᠬᠢᠷᠭᠠᠨ ᠤ ᠪᠠᠢᠢᠭᠤᠯᠤᠯᠭ᠎ᠠ ᠨᠤᠭᠤᠳ ᠪᠣᠯᠤᠨ ᠬᠤᠪᠢ ᠢᠢᠨ ᠬᠡᠪᠰᠢᠯ᠂ ᠠᠷᠠᠳ ᠢᠷᠭᠡᠳ ᠲᠥ ᠠᠮᠵᠢᠯᠲᠠ ᠬᠦᠰᠡᠨ ᠢᠷᠦᠭᠡᠪᠡ᠃ ᠮᠥᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡ ᠢᠢ ᠶᠡᠷᠦᠩᠬᠡᠢᠢᠯᠡᠭᠴᠢ ᠢᠢᠨ ᠬᠡᠪᠯᠡᠯ ᠦᠨ ᠲᠥᠯᠥᠭᠡᠯᠡᠭᠴᠢ ᠥ᠊᠂ ᠵᠣᠯᠪᠠᠶᠠᠷ ᠤᠩᠰᠢᠵᠤ ᠰᠣᠨᠣᠷᠳᠠᠭᠤᠯᠤᠯ᠎ᠠ᠃

ᠳᠠᠯᠠᠨᠵᠠᠳᠠᠭᠠᠳ ᠰᠤᠮᠤ 32 ᠮᠢᠩ᠋ᠭ᠎ᠠ ᠭᠠᠷᠤᠢ ᠬᠦᠮᠦᠨ ᠠᠮᠠ ᠲᠠᠢ᠃ ᠪᠥ᠊᠂ ᠨᠠᠢᠢ᠊᠂ ᠮᠤ᠊᠂ ᠠ᠊᠂ ᠤᠯᠤᠰ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1965 ᠣᠨ ᠤ 06 ᠳ᠋ᠤᠭᠠᠷ ᠰᠠᠷ᠎ᠠ ᠢᠢᠨ 04 ᠍ ᠦ ᠡᠳᠦᠷ ᠦᠨ 124 ᠳᠤᠭᠡᠷ ᠵᠠᠷᠯᠢᠭ ᠢᠶᠠᠷ ᠣᠷᠣᠨ ᠨᠤᠲᠤᠭ ᠤᠨ ᠬᠣᠲᠠ ᠪᠣᠯᠤᠨ ᠥᠷᠭᠡᠵᠢᠨ ᠬᠥᠭ᠍ᠵᠢᠭᠰᠡᠨ ᠲᠡᠦᠬᠡᠲᠡᠢ᠃

2020-2024 ᠣᠨ ᠳᠤ ᠳᠠᠯᠠᠨᠵᠠᠳᠠᠭᠠᠳ ᠬᠣᠲᠠ ᠢᠢ ᠬᠥᠭ᠍ᠵᠢᠭᠦᠯᠬᠦ ᠢᠷᠭᠡᠨ ᠲᠥᠪ ᠲᠡᠢ 《ᠳᠡᠪᠰᠢᠯᠲᠡᠲᠦ ᠳᠠᠯᠠᠨᠵᠠᠳᠠᠭᠠᠳ》 ᠬᠥᠲᠦᠯᠪᠦᠷᠢ ᠬᠡᠷᠡᠭᠵᠢᠭᠦᠯᠦᠨ᠂ 2022 ᠣᠨ ᠠᠴᠠ ᠰᠤᠮᠤ ᠥᠪᠡᠷ ᠢᠶᠡᠨ ᠥᠪᠡᠷ ᠢ ᠪᠡᠨ 100 ᠬᠤᠪᠢ ᠰᠠᠩᠬᠦᠵᠢᠭᠦᠯᠵᠦ ᠪᠠᠢᠢᠨ᠎ᠠ᠃

ᠮᠣᠩ᠋ᠭᠣᠯ ᠤᠯᠤᠰ ᠲᠤ ᠠᠩᠬ᠎ᠠ ᠤᠳᠠᠭ᠎ᠠ ᠲᠥᠷᠦ ᠢᠢᠨ ᠥᠮᠴᠢ ᠢᠢᠨ ᠰᠤᠷᠭᠠᠭᠤᠯᠢ᠂ ᠴᠡᠴᠡᠷᠯᠢᠭ ᠲᠡᠭᠡᠨ ᠣᠯᠠᠨ ᠤᠯᠤᠰ ᠤᠨ ISO ᠰᠲ᠋ᠠᠨ᠋ᠳᠠᠷᠲ ᠨᠡᠪᠲᠡᠷᠡᠭᠦᠯᠵᠦ᠂ ᠡᠬᠡ ᠢᠢᠨ ᠡᠨᠳᠡᠭᠳᠡᠯ ᠦᠭᠡᠢ᠂ ᠪᠡᠯᠴᠢᠭᠡᠷ ᠦᠨ ᠤᠰᠤᠨ ᠬᠠᠩ᠋ᠭᠠᠮᠵᠢ ᠢᠢ 62 ᠬᠤᠪᠢ ᠠᠴᠠ 75 ᠬᠤᠪᠢ ᠳᠤ ᠬᠦᠷᠭᠡᠵᠡᠢ᠃ ᠮᠥᠨ ᠮᠠᠯ ᠤᠨ ᠭᠣᠴᠣ ᠬᠠᠯᠳᠠᠪᠤᠷᠢᠲᠤ ᠡᠪᠡᠳᠴᠢᠨ ᠦᠭᠡᠢ ᠲᠠᠢᠢᠪᠤᠩ ᠪᠥᠰᠡ ᠨᠤᠲᠤᠭ ᠭᠡᠳᠡᠭ ᠢᠶᠡᠨ ᠭᠤᠷᠪᠠᠨ ᠵᠢᠯ ᠳᠠᠷᠠᠭᠠᠯᠠᠨ ᠪᠠᠲᠤᠯᠠᠭᠠᠵᠢᠭᠤᠯᠤᠭᠰᠠᠨ᠃ ᠭᠡᠷᠡᠯᠲᠦᠭᠦᠯᠭᠡ᠂ ᠴᠡᠪᠡᠷ᠂ ᠪᠣᠬᠢᠷ ᠤᠰᠤᠨ ᠤ ᠱᠤᠭᠤᠮ ᠰᠦᠯᠵᠢᠶ᠎ᠡ᠂ ᠠᠦ᠋ᠲ᠋ᠣᠵᠠᠮ᠂ ᠶᠠᠪᠠᠭᠠᠨ ᠵᠠᠮ ᠪᠣᠯᠤᠨ ᠳᠤᠭᠤᠢ ᠢᠢᠨ ᠵᠠᠮ ᠵᠡᠷᠭᠡ ᠳᠡᠳ᠋ ᠪᠦᠲᠦᠴᠡ ᠪᠡᠨ ᠵᠢᠯ ᠪᠦᠷᠢ ᠨᠡᠮᠡᠭᠳᠡᠭᠦᠯᠵᠦ᠂ ᠬᠥᠭ᠍ᠵᠢᠯ ᠦᠨ ᠢᠨ᠋ᠳᠧᠻᠰ ᠢᠶᠡᠷ ᠢᠶᠡᠨ ᠤᠯᠤᠰ ᠤᠨ ᠬᠡᠮᠵᠢᠶᠡᠨ ᠳᠥ᠂ ᠢᠷᠭᠡᠳ ᠦᠨ ᠰᠡᠳᠬᠢᠯ ᠬᠠᠨᠤᠮᠵᠢ ᠢᠢᠨ ᠪᠤᠶᠤ ᠬᠡᠷᠡᠭᠯᠡᠭᠴᠢ ᠢᠢᠨ ᠦᠨᠡᠯᠡᠭᠡ ᠪᠡᠷ ᠠᠢᠢᠮᠠᠭ ᠲᠠᠭᠠᠨ ᠲᠡᠷᠢᠭᠦᠯᠡᠭᠰᠡᠨ ᠵᠡᠷᠭᠡ ᠠᠮᠵᠢᠯᠲᠠ ᠪᠠᠷ 59 ᠵᠢᠯ ᠦᠨ ᠣᠢ ᠪᠠᠨ ᠤᠭᠲᠤᠵᠤ ᠪᠠᠢᠢᠨ᠎ᠠ᠃