ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠰᠠᠨᠠᠭᠠᠴᠢᠯᠠᠭ᠎ᠠ ᠪᠠᠷ ᠠᠷᠤᠬᠠᠩ᠋ᠭᠠᠢ ᠠᠢᠢᠮᠠᠭ ᠤᠨ ᠥᠭᠦᠢ (ᠥᠭ᠍ᠭᠥᠢ)ᠨᠠᠭᠤᠷ ᠢ ᠬᠠᠮᠠᠭᠠᠯᠠᠬᠤ ᠴᠣᠭᠴᠠ ᠠᠵᠢᠯ ᠡᠬᠢᠯᠡᠯ᠎ᠡ᠃
ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠪᠠᠢᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠶᠠᠮᠤ᠂ ᠣᠨᠴᠠᠭᠠᠢ ᠪᠠᠢᠢᠳᠠᠯ ᠤᠨ ᠶᠡᠷᠦᠩᠬᠡᠢ ᠭᠠᠵᠠᠷ᠂ ᠤᠰᠤᠨ ᠤ ᠭᠠᠵᠠᠷ᠂ ᠠᠢᠢᠮᠠᠭ ᠤᠨ ᠵᠠᠰᠠᠭ ᠳᠠᠷᠤᠭ᠎ᠠ ᠢᠢᠨ ᠲᠠᠮᠠᠭ᠎ᠠ ᠢᠢᠨ ᠭᠠᠵᠠᠷ ᠤᠨ ᠬᠠᠮᠲᠤᠷᠠᠭᠰᠠᠨ ᠠᠵᠢᠯ ᠤᠨ ᠬᠡᠰᠡᠭ ᠣᠷᠣᠨ ᠨᠤᠲᠤᠭ ᠲᠤ ᠠᠵᠢᠯᠯᠠᠯ᠎ᠠ᠃ ᠠᠵᠢᠯ ᠤᠨ ᠬᠡᠰᠡᠭ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠪᠠᠢᠢᠭᠠᠯᠢ ᠣᠷᠴᠢᠨ ᠤ ᠲᠥᠰᠦᠯ᠂ ᠬᠥᠲᠦᠯᠪᠦᠷᠢ ᠬᠠᠷᠢᠭᠤᠴᠠᠭᠰᠠᠨ ᠠᠯᠪᠠᠨ ᠤ ᠳᠠᠷᠤᠭ᠎ᠠ ᠣ᠊᠂ ᠠᠯᠲᠠᠨᠰᠠᠷᠠᠭᠤᠯ ᠠᠬᠠᠯᠠᠵᠤ ᠪᠠᠢᠢᠨ᠎ᠠ᠃
ᠠᠵᠢᠯ ᠤᠨ ᠬᠡᠰᠡᠭ:
• ᠨᠠᠭᠤᠷ ᠤᠨ ᠢᠷᠤᠭᠠᠷ ᠲᠤ ᠬᠠᠶᠠᠭᠳᠠᠭᠰᠠᠨ ᠶᠡᠬᠡ ᠬᠡᠮᠵᠢᠶᠡᠨ ᠦ ᠵᠢᠭᠠᠰᠤᠨ ᠤ ᠲᠣᠤᠷ ᠤᠤᠨ ᠢ ᠲᠠᠲᠠᠵᠤ ᠭᠠᠷᠭᠠᠬᠤ᠂
• ᠡᠬᠢ ᠴᠢᠳᠬᠤᠯ ᠪᠣᠯᠬᠤ ᠬᠥᠭ᠍ᠰᠢᠨ ᠣᠷᠬᠣᠨ ᠭᠣᠣᠯ ᠢ ᠬᠠᠮᠠᠭᠠᠯᠠᠵᠤ ᠤᠷᠤᠰᠠᠴᠠ ᠢᠢ ᠰᠠᠢᠢᠵᠢᠷᠠᠭᠤᠯᠬᠤ᠂
• ᠨᠠᠭᠤᠷ ᠲᠤ ᠴᠢᠳᠬᠤᠵᠤ ᠪᠤᠢ ᠬᠥᠭ᠍ᠰᠢᠨ ᠣᠷᠬᠣᠨ ᠪᠣᠯᠤᠨ ᠡᠬᠢ ᠠᠪᠴᠤ ᠪᠤᠢ ᠬᠣᠭᠣᠯᠠᠢ ᠢᠢᠨ ᠭᠣᠣᠯ ᠤᠨ ᠤᠰᠤᠷᠬᠠᠭ ᠬᠡᠰᠡᠭ ᠢ ᠬᠠᠰᠢᠶᠠᠯᠠᠵᠤ ᠬᠠᠮᠠᠭᠠᠯᠠᠬᠤ᠂
• ᠨᠠᠭᠤᠷ ᠤᠨ ᠡᠷᠭᠢ ᠢᠢᠨ ᠳᠠᠬᠢᠨ ᠲᠥᠯᠥᠪᠯᠡᠯᠲᠡ ᠬᠢᠵᠦ᠂ ᠬᠦᠮᠦᠨ ᠦ ᠪᠤᠷᠤᠭᠤ ᠲᠠᠢ ᠦᠢᠯᠡ ᠠᠵᠢᠯᠯᠠᠭᠠᠨ ᠠᠴᠠ ᠡᠭᠦᠳᠦᠯᠲᠡᠢ ᠪᠣᠬᠢᠷᠳᠠᠯ ᠡᠭᠦᠰᠬᠡᠬᠦ ᠦᠭᠡᠢ ᠪᠠᠢᠢᠬᠤ ᠵᠡᠷᠭᠡ ᠠᠵᠢᠯ ᠬᠢᠬᠦ ᠪᠡᠷ ᠲᠣᠭᠲᠠᠯ᠎ᠠ᠃
25 ᠬᠠᠪᠲᠠᠭᠠᠢ ᠳᠥᠷᠪᠡᠯᠵᠢᠨ ᠻᠢᠯᠤᠮᠸᠲ᠋ᠷ ᠲᠠᠯᠠᠪᠠᠢ ᠲᠠᠢ᠂ ᠳᠣᠯᠣᠭᠠᠨ ᠻᠢᠯᠤᠮᠸᠲ᠋ᠷ ᠤᠷᠲᠤ᠂ ᠲᠠᠪᠤᠨ ᠻᠢᠯᠤᠮᠸᠲ᠋ᠷ ᠥᠷᠭᠡᠨ ᠡᠨᠡ ᠨᠠᠭᠤᠷ ᠮᠣᠩ᠋ᠭᠣᠯ ᠣᠷᠣᠨ ᠤ ᠲᠥᠪ ᠦᠨ ᠪᠦᠰᠡ ᠢᠢᠨ ᠠᠮᠢᠨ ᠰᠤᠳᠠᠰᠤ ᠪᠣᠯᠤᠭᠰᠠᠨ ᠴᠡᠩ᠋ᠭᠡᠭ ᠤᠰᠤᠲᠤ ᠨᠠᠭᠤᠷ᠃ ᠭᠡᠪᠡᠴᠦ ᠣᠯᠠᠨ ᠬᠦᠴᠦᠨ ᠵᠦᠢᠯ ᠦᠨ ᠨᠥᠯᠥᠭᠡᠯᠡᠯ ᠡᠴᠡ ᠪᠣᠯᠵᠤ 2014 ᠣᠨ ᠠᠴᠠ ᠡᠷᠡᠰ ᠪᠣᠬᠢᠷᠳᠠᠨ᠂ ᠡᠻᠣᠰᠢᠰᠲ᠋ᠧᠮ ᠨᠢ ᠠᠯᠳᠠᠭᠳᠠᠵᠤ ᠡᠬᠢᠯᠡᠭᠰᠡᠨ ᠶᠤᠮ᠃
ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ᠂ ᠥᠭ᠍ᠭᠦᠭ᠍ᠰᠡᠨ ᠡᠭᠦᠷᠭᠡ᠂ ᠴᠢᠭᠯᠡᠯ ᠦᠨ ᠳᠠᠭᠠᠭᠤ 《ᠭᠠᠩ᠋ᠭ᠎ᠠ ᠨᠠᠭᠤᠷ ᠢ ᠪᠣᠬᠢᠷᠳᠠᠯᠳᠠ᠂ ᠰᠢᠷᠭᠢᠯᠲᠡ ᠡᠴᠡ ᠬᠠᠮᠠᠭᠠᠯᠠᠬᠤ᠂ ᠤᠷᠤᠰᠠᠴᠠ ᠰᠠᠢᠢᠵᠢᠷᠠᠭᠤᠯᠬᠤ ᠲᠥᠰᠦᠯ》 ᠦᠷ᠎ᠡ ᠳ᠋ᠦᠩ᠋ ᠢᠢᠡᠨ ᠥᠭ᠍ᠭᠦᠭ᠍ᠰᠡᠨ ᠨᠢ ᠴᠢᠨᠠᠭᠰᠢᠳᠠ ᠬᠡᠷᠥᠯᠥᠨ᠂ ᠥᠭᠦᠢ (ᠥᠭ᠍ᠭᠥᠢ)᠂ ᠲᠤᠤᠯᠠ᠂ ᠬᠥᠪᠰᠥᠭᠥᠯ᠂ ᠪᠤᠢᠢᠷ ᠭᠡᠳ ᠣᠯᠠᠨ ᠨᠠᠭᠤᠷ ᠢ ᠱᠠᠲᠤ ᠳᠠᠷᠠᠭ᠎ᠠ ᠲᠠᠢ ᠰᠡᠷᠭᠦᠭᠡᠬᠦ ᠴᠣᠭᠴᠠ ᠠᠵᠢᠯ ᠤᠨ ᠡᠬᠢᠯᠡᠯ ᠪᠣᠯᠵᠤ ᠪᠠᠢᠢᠨ᠎ᠠ᠃