Та "Internet explorer"-ийн сүүлийн хувилбар болох "Microsoft edge"-г ашиглана уу

Хэрэв "Microsoft edge"-г татах бол энд дарж татаж авна уу

ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠶᠡᠷᠦᠩᠬᠡᠢᠢᠯᠡᠭᠴᠢ ᠮᠣᠩ᠋ᠭᠣᠯ ᠤᠯᠤᠰ ᠲᠤ ᠲᠥᠷᠥ ᠢᠢᠨ ᠠᠢᠢᠯᠴᠢᠯᠠᠯ ᠬᠢᠨ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠶᠡᠷᠦᠩᠬᠡᠢᠢᠯᠡᠭᠴᠢ ᠲᠣᠩ᠋ᠯᠥ᠋ᠨ ᠰᠢᠰᠥ᠋ᠯᠢᠲ 2024 ᠣᠨ ᠤ 06 ᠳ᠋ᠤᠭᠠᠷ ᠰᠠᠷ᠎ᠠ ᠢᠢᠨ 11-12 ᠍ ᠤ ᠡᠳᠦᠷ ᠦᠳ ᠲᠥ ᠮᠣᠩ᠋ᠭᠣᠯ ᠤᠯᠤᠰ ᠲᠤ ᠲᠥᠷᠥ ᠢᠢᠨ ᠠᠢᠢᠯᠴᠢᠯᠠᠯ ᠬᠢᠨ᠎ᠡ᠃

ᠠᠢᠢᠯᠴᠢᠯᠠᠯ ᠤᠨ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠶᠡᠷᠦᠩᠬᠡᠢᠢᠯᠡᠭᠴᠢ ᠲᠣᠩ᠋ᠯᠥ᠋ᠨ ᠰᠢᠰᠥ᠋ᠯᠢᠲ ᠲᠡᠢ ᠠᠯᠪᠠᠨ ᠶᠣᠰᠣᠨ ᠤ ᠬᠡᠯᠡᠯᠴᠡᠭᠡ ᠬᠢᠵᠦ᠂ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠪᠣᠯᠤᠨ ᠣᠯᠠᠨ ᠤᠯᠤᠰ᠂ ᠪᠦᠰᠡ ᠨᠤᠲᠤᠭ ᠤᠨ ᠲᠠᠪᠴᠠᠩ ᠳ᠋ᠠᠬᠢ ᠬᠠᠮᠲᠤ ᠢᠢᠨ ᠠᠵᠢᠯᠯᠠᠭᠠᠨ ᠤ ᠲᠠᠯ᠎ᠠ ᠪᠠᠷ ᠰᠠᠨᠠᠯ ᠰᠣᠯᠢᠯᠴᠠᠨ᠎ᠠ᠃

ᠡᠨᠡ ᠠᠢᠢᠯᠴᠢᠯᠠᠯ ᠨᠢ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠲᠥᠷᠦ ᠢᠢᠨ ᠲᠡᠷᠢᠭᠦᠨ ᠦ ᠲᠦᠪᠰᠢᠨ ᠳᠥ 2007 ᠣᠨ ᠠᠴᠠ ᠬᠣᠢᠢᠰᠢ ᠪᠤᠶᠤ 17 ᠵᠢᠯ ᠦᠨ ᠳᠠᠷᠠᠭ᠎ᠠ ᠪᠣᠯᠬᠤ ᠪᠥᠭᠡᠳ ᠶᠡᠷᠦᠩᠬᠡᠢᠢᠯᠡᠭᠴᠢ ᠤ᠊᠂ ᠬᠦᠷᠡᠯᠰᠦ᠋ᠬᠡ ᠢᠢᠨ 2023 ᠣᠨ ᠳᠤ ᠯᠠᠤᠰ ᠤᠯᠤᠰ ᠲᠤ ᠬᠢᠭ᠍ᠰᠡᠨ ᠲᠥᠷᠦ ᠢᠢᠨ ᠠᠢᠢᠯᠴᠢᠯᠠᠯ ᠤᠨ ᠬᠠᠷᠢᠭᠤ ᠠᠢᠢᠯᠴᠢᠯᠠᠯ ᠶᠤᠮ᠃