《ᠲᠡᠷᠪᠤᠮ ᠮᠣᠳᠥ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ 《ᠡᠨᠧᠷᠵᠢ ᠷᠧᠰᠥ᠋ᠷᠰ》ᠬᠢ᠊᠂ ᠬᠠ᠊᠂ ᠻᠤᠮᠫᠠᠨᠢ 150 ᠮᠢᠩᠭᠠᠨ ᠮᠣᠳᠥ ᠲᠠᠷᠢᠭᠠᠳ ᠪᠠᠢᠢᠨ᠎ᠠ
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠡᠷᠡᠭᠵᠢᠯᠲᠡ ᠲᠡᠢ ᠲᠠᠨᠢᠯᠴᠠᠬᠤ᠂ ᠡᠷᠴᠢᠮᠵᠢᠭᠦᠯᠬᠦ ᠵᠣᠷᠢᠯᠭ᠎ᠠ ᠪᠠᠷ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠢᠢᠨ ᠵᠠᠬᠢᠷᠤᠮᠵᠢ ᠪᠠᠷ ᠪᠠᠢᠢᠭᠤᠯᠤᠭᠳᠠᠭᠰᠠᠨ ᠠᠵᠢᠯ ᠤᠨ ᠬᠡᠰᠡᠭ ᠡᠮᠦᠨᠡᠭᠣᠪᠢ ᠠᠢᠢᠮᠠᠭ ᠤᠨ ᠴᠣᠭᠲᠤᠴᠡᠴᠡᠢ ᠰᠤᠮᠤᠨ ᠳᠤ ᠪᠠᠢᠢᠷᠢᠯᠠᠬᠤ 《ᠡᠨᠧᠷᠵᠢ ᠷᠧᠰᠥ᠋ᠷᠰ》ᠬᠢ᠊᠂ ᠬᠠ᠊᠂ ᠻᠤᠮᠫᠠᠨᠢ᠍ ᠳᠤ ᠠᠵᠢᠯᠯᠠᠯ᠎ᠠ᠃
《ᠡᠨᠧᠷᠵᠢ ᠷᠧᠰᠥ᠋ᠷᠰ》ᠬᠢ᠊᠂ ᠬᠠ᠊᠂ ᠻᠤᠮᠫᠠᠨᠢ ᠨᠢ 《ᠲᠡᠷᠪᠤᠮ ᠮᠣᠳᠣ》ᠦᠨᠳᠦᠰᠦᠨ ᠦ ᠬᠥᠳᠡᠯᠭᠡᠭᠡᠨ ᠢ ᠳᠡᠮᠵᠢᠨ 40 ᠰᠠᠶ᠎ᠠ ᠮᠣᠳᠣ ᠲᠠᠷᠢᠵᠤ᠂ ᠤᠷᠭᠤᠭᠤᠯᠬᠤ ᠠᠮᠠᠯᠠᠯᠲᠠ ᠥᠭ᠍ᠭᠦᠭ᠍ᠰᠡᠨ ᠶᠤᠮ᠃
ᠡᠨᠡ ᠬᠦᠷᠢᠶᠡᠨ ᠳᠥ 《ᠮᠣᠩ᠋ᠭᠣᠯ ᠤᠨ ᠣᠢ ᠢᠢᠨ ᠰᠠᠯᠪᠤᠷᠢ ᠢᠢᠨ ᠮᠡᠷᠭᠡᠵᠢᠯ ᠦᠨ ᠬᠣᠯᠪᠣᠭᠠᠳ ᠤᠨ ᠨᠢᠭᠡᠳᠦᠯ》 ᠲᠥᠷᠥ ᠢᠢᠨ ᠪᠤᠰᠤ ᠪᠠᠢᠢᠭᠤᠯᠤᠯᠭ᠎ᠠ ᠲᠠᠢ ᠬᠠᠮᠲᠤᠷᠠᠨ ᠤᠷᠢᠳᠴᠢᠯᠠᠭᠰᠠᠨ ᠲᠧᠭᠨᠢᠭ᠂ ᠡᠳ᠋