Та "Internet explorer"-ийн сүүлийн хувилбар болох "Microsoft edge"-г ашиглана уу

Хэрэв "Microsoft edge"-г татах бол энд дарж татаж авна уу

ᠬᠡᠯᠡᠭᠰᠡᠨ ᠦᠭᠡ
thumbnail 19.5.24 Urtuu
19.5.24 Urtuu
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠵᠡᠭᠦᠨᠪᠠᠶᠠᠨ ᠥᠷᠲᠡᠭᠡᠨ ᠦ ᠥᠷᠭᠡᠳᠬᠡᠯ ᠬᠢᠬᠦ ᠬᠡᠰᠡᠭ ᠲᠦ ᠠᠵᠢᠯᠯᠠᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠣᠷᠣᠨᠠᠭᠣᠪᠢ ᠠᠢᠢᠮᠠᠭ ᠲᠤ ᠠᠵᠢᠯᠯᠠᠵᠤ ᠪᠠᠢᠢᠨ᠎ᠠ᠃

ᠲᠥᠷᠦ ᠢᠢᠨ ᠲᠡᠷᠢᠭᠦᠨ ᠳᠣᠷᠣᠨᠠᠭᠣᠪᠢ ᠠᠢᠢᠮᠠᠭ ᠲᠤ ᠠᠵᠢᠯᠯᠠᠬᠤ ᠦᠶ᠎ᠡ ᠪᠡᠷ ᠢᠶᠡᠨ ᠲᠠᠪᠤᠨᠲᠣᠯᠣᠭᠠᠢ-ᠵᠡᠭᠦᠨᠪᠠᠶᠠᠨ ᠴᠢᠭᠯᠡᠯ ᠦᠨ ᠲᠡᠮᠦᠷ ᠵᠠᠮ ᠪᠠᠷᠢᠬᠤ ᠨᠡᠭᠡᠭᠡᠯᠲᠡ ᠢᠢᠨ ᠠᠷᠭ᠎ᠠ ᠬᠡᠮᠵᠢᠶᠡᠨ ᠳᠥ ᠣᠷᠣᠯᠴᠠᠵᠤ᠂ ᠨᠧᠹᠲ ᠪᠣᠯᠪᠠᠰᠤᠷᠠᠭᠤᠯᠬᠤ ᠦᠢᠯᠡᠳᠪᠦᠷᠢ ᠢᠢᠨ ᠲᠡᠮᠦᠷ ᠵᠠᠮ᠂ ᠠᠦ᠋ᠲ᠋ᠣ᠋ ᠵᠠᠮ᠂ ᠠᠭᠠᠷ ᠤᠨ ᠱᠤᠭᠤᠮ ᠵᠡᠷᠭᠡ ᠪᠦᠲᠦᠭᠡᠨ ᠪᠠᠢᠢᠭᠤᠯᠤᠯᠲᠠ ᠢᠢᠨ ᠠᠵᠢᠯ ᠤᠨ ᠶᠠᠪᠤᠴᠠ ᠲᠠᠢ ᠲᠠᠨᠢᠯᠴᠠᠬᠤ ᠪᠠᠷ ᠲᠥᠯᠦᠪᠯᠡᠵᠦ ᠪᠠᠢᠢᠨ᠎ᠠ᠃

ᠬᠠᠷᠢᠨ ᠥᠨᠥᠳᠥᠷ ᠳᠣᠷᠣᠨᠠᠭᠣᠪᠢ ᠠᠢᠢᠮᠠᠭ ᠳ᠋ᠠᠬᠢ ᠤᠯᠠᠭᠠᠨᠪᠠᠭᠠᠲᠤᠷ ᠲᠡᠮᠦᠷ ᠵᠠᠮ ᠤᠨ ᠵᠡᠭᠦᠨᠪᠠᠶᠠᠨ ᠥᠷᠲᠡᠭᠡᠨ ᠦ ᠥᠷᠭᠡᠳᠬᠡᠯ ᠬᠢᠬᠦ ᠬᠡᠰᠡᠭ ᠲᠥ ᠣᠴᠢᠵᠤ᠂ ᠠᠵᠢᠯ ᠤᠨ ᠲᠥᠯᠦᠪᠯᠡᠭᠡ ᠲᠡᠢ ᠲᠠᠨᠢᠯᠴᠠᠯ᠎ᠠ᠃ ᠲᠥᠷᠦ ᠢᠢᠨ ᠲᠡᠷᠢᠭᠦᠨ ᠢ ᠵᠡᠭᠦᠨᠪᠠᠶᠠᠨ

thumbnail 19.5.17 The Hu
19.5.17 The Hu
ᠮᠣᠩ᠋ᠭᠣᠯ ᠤᠨ ᠥᠪ᠂ ᠰᠤᠶᠤᠯ ᠢ ᠣᠯᠠᠨ ᠤᠯᠤᠰ ᠲᠤ ᠲᠦᠭᠡᠭᠡᠵᠦ ᠪᠤᠢ 《THE HU》 ᠬᠠᠮᠲᠤᠯᠢᠭ ᠤᠨ ᠬᠢᠨ ᠢ ᠬᠦᠯᠢᠶᠡᠨ ᠠᠪᠴᠤ ᠠᠭᠤᠯᠵᠠᠯ᠎ᠠ

ᠮᠣᠩ᠋ᠭᠣᠯ ᠤᠨ ᠷᠣᠺ᠂ ᠫᠣᠫ ᠤᠷᠠᠯᠢᠭ ᠤᠨ ᠶᠢᠷᠲᠢᠨᠴᠦ ᠳᠥ 《ᠾᠢᠦᠩᠨᠦ ᠷᠣᠺ》 ᠭᠡᠬᠦ ᠰᠢᠨ᠎ᠡ ᠤᠷᠤᠰᠬᠠᠯ ᠢᠶᠠᠷ ᠤᠷᠠᠨ ᠪᠦᠲᠦᠭᠡᠯ ᠲᠤᠭᠤᠷᠪᠢᠵᠤ᠂ ᠳᠡᠯᠡᠬᠡᠢ ᠳᠠᠬᠢᠨ᠎ᠠ ᠣᠯᠠᠨ ᠰᠠᠶ᠋᠎ᠠ ᠰᠣᠨᠣᠰᠤᠭᠴᠢ᠂ ᠹᠧᠨ ᠲᠡᠢ ᠪᠣᠯᠵᠤ ᠪᠤᠢ 《THE HU》 ᠪᠤᠶᠤ ᠬᠦᠮᠦᠨ (ᠬᠦ) ᠬᠠᠮᠲᠤᠯᠢᠭ ᠤᠨ ᠫᠷᠣᠳᠢᠶᠦ᠋ᠰᠧᠷ᠂ ᠳᠠᠭᠤᠴᠢᠨ ᠪ ∙ ᠳᠠᠰᠢᠳᠣᠨᠳᠣᠭ ᠪᠣᠯᠤᠨ ᠬᠠᠮᠲᠤᠯᠢᠭ ᠤᠨ ᠭᠡᠰᠢᠭᠦᠳ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠬᠦᠯᠢᠶᠡᠨ ᠠᠪᠴᠤ ᠠᠭᠤᠯᠵᠠᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠮᠣᠩ᠋ᠭᠣᠯ ᠤᠯᠤᠰ ᠤᠨ ᠭᠠᠪᠢᠶᠠᠲᠤ ᠵᠦᠵᠦᠭᠡᠴᠢᠨ᠂ ᠳᠠᠭᠤᠴᠢᠨ ᠫᠷᠣᠳᠢᠶᠦ᠋ᠰᠧᠷ ᠪ ∙ ᠳᠠᠰᠢᠳᠣᠨᠳᠣᠭ ᠨᠠᠷ

thumbnail 19.5.14 Vietnam
19.5.14 Vietnam
ᠮᠣᠩ᠋ᠭᠣᠯ ᠤᠯᠤᠰ – ᠸᠢᠶᠧᠲ᠋ᠨᠠᠮ ᠤᠯᠤᠰ ᠤᠨ ᠬᠣᠭᠣᠷᠣᠨᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 65 ᠵᠢᠯ ᠦᠨ ᠣᠢ ᠳᠤ ᠵᠣᠷᠢᠭᠤᠯᠤᠭᠰᠠᠨ ᠡᠷᠳᠡᠮ ᠰᠢᠨᠵᠢᠯᠡᠭᠡᠨ ᠦ ᠬᠤᠷᠠᠯ ᠳᠤ ᠮᠡᠨᠳᠦᠴᠢᠯᠡᠭᠡ ᠳᠡᠪᠰᠢᠭᠦᠯᠪᠡ

ᠮᠣᠩ᠋ᠭᠣᠯ-ᠸᠢᠶᠧᠲ᠋ᠨᠠᠮ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 65 ᠵᠢᠯ ᠦᠨ ᠣᠢ ᠳᠤ ᠵᠣᠷᠢᠭᠤᠯᠤᠭᠰᠠᠨ ᠡᠷᠳᠡᠮ ᠰᠢᠨᠵᠢᠯᠡᠭᠡᠨ ᠦ ᠬᠤᠷᠠᠯ ᠥᠨᠥᠳᠥᠷ ᠭᠠᠳᠠᠭᠠᠳᠤ ᠬᠠᠷᠢᠯᠴᠠᠭᠠᠨ ᠤ ᠶᠠᠮᠤᠨ ᠤ 《ᠵᠥᠪᠰᠢᠯᠴᠡᠯ》 ᠲᠠᠩᠬᠢᠮ ᠳᠤ ᠪᠣᠯᠤᠯ᠎ᠠ᠃

ᠡᠷᠳᠡᠮ ᠰᠢᠨᠵᠢᠯᠡᠭᠡᠨ ᠦ ᠬᠤᠷᠠᠯ ᠢ ᠰᠢᠨᠵᠢᠯᠡᠬᠦ ᠤᠬᠠᠭᠠᠨ ᠤ ᠠᠺᠠᠳᠧᠮᠢ ᠢᠢᠨ ᠣᠯᠠᠨ ᠤᠯᠤᠰ ᠤᠨ ᠬᠠᠷᠢᠯᠴᠠᠭᠠᠨ ᠤ ᠬᠦᠷᠢᠶᠡᠯᠡᠩ ᠡᠴᠡ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠭᠠᠳᠠᠭᠠᠳᠤ ᠬᠠᠷᠢᠯᠴᠠᠭᠠᠨ ᠤ ᠶᠠᠮᠤ᠂ ᠮᠣᠩ᠋ᠭᠣᠯ ᠤᠨ ᠠᠵᠢᠯ ᠣᠯᠭᠤᠭᠴᠢ ᠡᠵᠡᠳ ᠦᠨ ᠨᠢᠭᠡᠳᠦᠭᠰᠡᠨ ᠬᠣᠯᠪᠣᠭ᠎ᠠ ᠬᠠᠮᠲᠤᠷᠠᠨ ᠵᠣᠬᠢᠶᠠᠨ ᠪᠠᠢᠢᠭᠤᠯᠪᠠ᠃

《ᠮᠣᠩ᠋ᠭᠣᠯ-ᠸᠢᠶᠧᠲ᠋ᠨᠠᠮ ᠤᠨ ᠬᠠᠷᠢᠯᠴᠠᠭ᠎ᠠ᠄ ᠲᠡᠦᠬᠡ ᠪᠠ ᠣᠷᠴᠢᠨ ᠦᠶ᠎ᠡ》 ᠰᠡᠳᠦᠪᠲᠦ ᠡᠨᠡ ᠬᠦ ᠡᠷᠳᠡᠮ ᠰᠢᠨᠵᠢᠯᠡᠭᠡᠨ ᠦ ᠬᠤᠷᠠᠯ ᠤᠨ ᠡᠬᠢᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ

thumbnail 19.5.14 Tamga
19.5.14 Tamga
2018 ᠣᠨ ᠳᠤ ᠪᠠᠲᠤᠯᠠᠭᠳᠠᠭᠰᠠᠨ ᠮᠣᠩ᠋ᠭᠣᠯ ᠤᠯᠤᠰ ᠤᠨ ᠬᠠᠤᠯᠢ ᠨᠤᠭᠤᠳ ᠳᠡᠭᠡᠷ᠎ᠡ ᠲᠥᠷᠦ ᠢᠢᠨ ᠲᠠᠮᠠᠭ᠎ᠠ ᠳᠠᠷᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠪᠣᠯᠤᠨ ᠤᠯᠤᠰ ᠤᠨ ᠶᠡᠬᠡ ᠬᠤᠷᠠᠯ ᠤᠨ ᠲᠠᠮᠠᠭ᠎ᠠ ᠢᠢᠨ ᠭᠠᠵᠠᠷ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠯ ∙ ᠥᠯᠵᠡᠢᠢᠰᠠᠢᠢᠬᠠᠨ ᠨᠠᠷ ᠥᠨᠥᠳᠥᠷ 2018 ᠣᠨ ᠳᠤ ᠪᠠᠲᠤᠯᠠᠭᠳᠠᠭᠰᠠᠨ ᠬᠠᠤᠯᠢ ᠨᠤᠭᠤᠳ ᠳᠡᠭᠡᠷ᠎ᠡ ᠲᠥᠷᠥ ᠢᠢᠨ ᠲᠠᠮᠠᠭ᠎ᠠ ᠳᠠᠷᠤᠬᠤ ᠶᠣᠰᠣᠯᠠᠯ ᠦᠢᠯᠡᠳᠪᠡ᠃

ᠲᠥᠷᠦ ᠢᠢᠨ ᠲᠠᠮᠠᠭ᠎ᠠ ᠢᠢ ᠦᠨᠳᠦᠰᠦᠨ ᠦ ᠬᠡ ᠪᠡᠷ ᠴᠢᠮᠡᠭᠯᠡᠭᠰᠡᠨ ᠮᠥᠩᠭᠥᠨ ᠲᠣᠨᠣᠭ ᠪᠦᠬᠦᠢ᠂ ᠵᠥᠭᠡᠯᠡᠨ ᠲᠣᠷᠭᠠᠮᠰᠤᠭ ᠡᠳ᠋ ᠍ ᠢᠶᠡᠷ ᠳᠣᠲᠣᠷᠯᠠᠭᠰᠠᠨ ᠽᠠᠨᠳᠠᠨ ᠮᠣᠳᠣᠨ ᠬᠠᠢᠢᠴᠠᠭ ᠲᠠᠢ ᠨᠢ ᠠᠪᠴᠢᠷᠠᠵᠤ᠂ ᠲᠥᠷᠦ ᠢᠢᠨ ᠪᠡᠯᠭᠡ ᠲᠡᠮᠳᠡᠭ ᠦᠨ ᠲᠤᠬᠠᠢ ᠬᠠᠤᠯᠢ ᠳᠤ ᠵᠢᠭᠠᠭᠰᠠᠨ ᠤ ᠳᠠᠭᠠᠭᠤ ᠮᠣᠩ᠋ᠭᠣᠯ ᠤᠯᠤᠰ ᠤᠨ

thumbnail 19.5.14 Asia
19.5.14 Asia
《ᠠᠽᠢᠶ᠎ᠠ ᠢᠢᠨ ᠬᠡᠦᠬᠡᠳ ᠦᠳ 2020》᠂ ᠵᠡᠭᠦᠨ ᠠᠽᠢᠶ᠎ᠠ ᠢᠢᠨ ᠵᠠᠯᠠᠭᠤᠴᠤᠳ ᠤᠨ 2023 ᠣᠨ ᠤ ᠨᠠᠭᠠᠳᠤᠮ ᠤᠨ ᠲᠣᠰᠬᠣᠨ ᠤ ᠪᠦᠲᠦᠭᠡᠨ ᠪᠠᠢᠢᠭᠤᠯᠤᠯᠲᠠ ᠢᠢᠨ ᠠᠵᠢᠯ ᠬᠤᠪᠢᠶᠠᠷᠢ ᠢᠢᠨ ᠳᠠᠭᠠᠭᠤ ᠦᠷᠭᠦᠯᠵᠢᠯᠡᠵᠦ ᠪᠠᠢᠢᠨ᠎ᠠ

ᠮᠣᠩ᠋ᠭᠣᠯ ᠤᠯᠤᠰ 2020 ᠣᠨ ᠳᠤ 《ᠠᠽᠢᠶ᠎ᠠ ᠢᠢᠨ ᠬᠡᠦᠬᠡᠳ ᠦᠳ》 ᠣᠯᠠᠨ ᠤᠯᠤᠰ ᠤᠨ ᠰᠫᠣᠷᠲ ᠤᠨ VII ᠶᠡᠬᠡ ᠨᠠᠭᠠᠳᠤᠮ ᠢ᠂ 2023 ᠣᠨ ᠳᠤ ᠵᠡᠭᠦᠨ ᠠᠽᠢᠶ᠎ᠠ ᠢᠢᠨ ᠵᠠᠯᠠᠭᠤᠴᠤᠳ ᠤᠨ II ᠨᠠᠭᠠᠳᠤᠮ ᠢ ᠲᠤᠰ ᠲᠤᠰ ᠵᠣᠬᠢᠶᠠᠨ ᠪᠠᠢᠢᠭᠤᠯᠬᠤ ᠭᠡᠵᠦ ᠪᠠᠢᠢᠭ᠎ᠠ ᠲᠠᠢ ᠬᠣᠯᠪᠣᠭᠳᠠᠭᠤᠯᠤᠨ ᠪᠡᠯᠡᠳᠬᠡᠯ ᠠᠵᠢᠯ ᠢᠶᠠᠨ ᠬᠠᠩ᠋ᠭᠠᠵᠤ ᠪᠠᠢᠢᠨ᠎ᠠ᠃ ᠡᠨᠡ ᠬᠦᠷᠢᠶᠡᠨ ᠳᠥ ᠥᠷᠨᠢᠵᠦ ᠪᠤᠢ ᠬᠠᠮᠤᠭ ᠤᠨ ᠲᠣᠮᠣ ᠪᠦᠲᠦᠭᠡᠨ ᠪᠠᠢᠢᠭᠤᠯᠤᠯᠲᠠ ᠨᠢ ᠬᠠᠨ-ᠠᠭᠤᠯᠠ ᠳᠡᠭᠦᠷᠭᠡ ᠢᠢᠨ 8 ᠍ ᠳᠤᠭᠠᠷ ᠬᠣᠷᠢᠶ᠎ᠠ᠂ 《ᠪᠤᠶᠠᠨᠲᠤ-ᠬᠤᠸᠠ》 ᠰᠫᠣᠷᠲ ᠴᠣᠭᠴᠠᠯᠠᠪᠤᠷᠢ ᠢᠢᠨ ᠡᠰᠡᠷᠬᠦ ᠲᠠᠯ᠎ᠠ ᠳᠤ ᠪᠠᠢᠢᠷᠢᠯᠠᠬᠤ ᠨᠠᠭᠠᠳᠤᠮ ᠤᠨ ᠲᠣᠰᠬᠣᠨ ᠤ ᠪᠦᠲᠦᠭᠡᠨ ᠪᠠᠢᠢᠭᠤᠯᠤᠯᠲᠠ ᠶᠤᠮ᠃

ᠥᠩᠭᠡᠷᠡᠭᠰᠡᠨ ᠰᠠᠷ᠎ᠠ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ

thumbnail 19.5.14 Forum
19.5.14 Forum
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠰᠢᠨ᠎ᠡ ᠡᠳ᠋ ᠍ ᠦᠨ ᠵᠠᠰᠠᠭ ᠤᠨ ᠹᠣᠷᠣᠢᠮ》 ᠍ ᠳᠤ ᠣᠷᠣᠯᠴᠠᠵᠤ᠂ ᠦᠭᠡ ᠬᠡᠯᠡᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ 《ᠪᠯᠦᠢᠮᠪᠧᠷᠭ ᠮᠣᠩ᠋ᠭᠣᠯ》 ᠲᠧᠯᠧᠸᠢᠽ ᠦᠨ ᠵᠣᠬᠢᠶᠠᠨ ᠪᠠᠢᠢᠭᠤᠯᠤᠭᠰᠠᠨ《ᠰᠢᠨ᠎ᠡ ᠡᠳ᠋ ᠍ ᠦᠨ ᠵᠠᠰᠠᠭ ᠤᠨ ᠹᠣᠷᠣᠢᠮ》 ᠍ ᠤᠨ ᠲᠡᠭᠦᠰᠬᠡᠯ ᠦᠨ ᠳ᠋ᠦᠩᠨᠡᠬᠦ ᠴᠠᠭ ᠬᠡᠰᠡᠭ ᠲᠥ ᠣᠷᠣᠯᠴᠠᠵᠤ᠂ ᠬᠠᠭᠠᠯᠲᠠ ᠢᠢᠨ ᠦᠭᠡ ᠬᠡᠯᠡᠯ᠎ᠡ᠃

ᠡᠨᠡ ᠬᠦ ᠹᠣᠷᠣᠢᠮ ᠢ ᠮᠣᠩ᠋ᠭᠣᠯ ᠤᠨ ᠪᠢᠽᠢᠨ᠋᠋ᠧᠰ ᠦᠨ ᠵᠥᠪᠯᠡᠯ᠂ ᠮᠣᠩ᠋ᠭᠣᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠦᠷᠢ ᠢᠢᠨ ᠲᠠᠩᠬᠢᠮ᠂ ᠮᠣᠩ᠋ᠭᠣᠯ ᠳᠠᠬᠢ ᠠᠮᠧᠷᠢᠺᠠ ᠢᠢᠨ ᠨᠢᠭᠡᠳᠦᠭᠰᠡᠨ ᠤᠯᠤᠰ ᠤᠨ ᠬᠤᠳᠠᠯᠳᠤᠭᠠᠨ ᠤ ᠲᠠᠩᠬᠢᠮ᠂ ᠹᠷᠠᠨ᠋ᠼ-ᠮᠣᠩ᠋ᠭᠣᠯ ᠤᠨ ᠬᠤᠳᠠᠯᠳᠤᠭᠠᠨ ᠤ ᠲᠠᠩᠬᠢᠮ ᠵᠡᠷᠭᠡ ᠪᠠᠢᠢᠭᠤᠯᠤᠯᠭ᠎ᠠ ᠨᠤᠭᠤᠳ ᠬᠠᠮᠲᠤᠷᠠᠨ ᠵᠣᠬᠢᠶᠠᠨ ᠪᠠᠢᠢᠭᠤᠯᠤᠭᠰᠠᠨ ᠶᠤᠮ᠃

ᠹᠣᠷᠣᠢᠮ ᠢ ᠵᠣᠬᠢᠶᠠᠨ ᠪᠠᠢᠢᠭᠤᠯᠤᠭᠴᠢᠳ ᠤᠨ ᠵᠦᠭ ᠡᠴᠡ 《ᠰᠢᠨ᠎ᠡ ᠡᠳ᠋ ᠍ ᠦᠨ ᠵᠠᠰᠠᠭ ᠤᠨ ᠹᠣᠷᠣᠢᠮ》

thumbnail 19.5.10 Shuukh
19.5.10 Shuukh
ᠮᠣᠩ᠋ᠭᠣᠯ ᠤᠯᠤᠰ ᠤᠨ ᠳᠡᠭᠡᠳᠦ ᠰᠢᠭᠦᠬᠦ ᠢᠢᠨ ᠶᠡᠷᠦᠩᠬᠡᠢ ᠰᠢᠭᠦᠭᠴᠢ ᠪᠡᠷ ᠬᠦᠬᠦᠢᠢᠰᠦ᠋ᠷᠦᠩ ᠦᠨ ᠪᠠᠲᠤᠰᠦ᠋ᠷᠦᠩ ᠢ ᠲᠣᠮᠢᠯᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ 《ᠤᠯᠤᠰ ᠤᠨ ᠳᠡᠭᠡᠳᠦ ᠰᠢᠭᠦᠬᠦ ᠢᠢᠨ ᠶᠡᠷᠦᠩᠬᠡᠢ ᠰᠢᠭᠦᠭ᠍ᠴᠢ ᠢᠢᠨ ᠠᠯᠪᠠᠨ ᠲᠤᠰᠢᠶᠠᠯ ᠳᠤ ᠲᠣᠮᠢᠯᠠᠬᠤ ᠲᠤᠬᠠᠢ》 74 ᠳᠦᠭᠡᠷ ᠵᠠᠷᠯᠢᠭ ᠭᠠᠷᠭᠠᠪᠠ᠃

ᠵᠠᠷᠯᠢᠭ ᠲᠤᠷ᠄
ᠮᠣᠩ᠋ᠭᠣᠯ ᠤᠯᠤᠰ ᠤᠨ ᠦᠨᠳᠦᠰᠦᠨ ᠬᠠᠤᠯᠢ ᠢᠢᠨ ᠲᠠᠪᠢᠨ ᠨᠢᠭᠡᠳᠦᠭᠡᠷ ᠵᠦᠢᠯ ᠦᠨ 2᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠤᠬᠠᠢ ᠬᠠᠤᠯᠢ ᠢᠢᠨ 9  ᠳᠦᠭᠡᠷ ᠵᠦᠢᠯ ᠦᠨ 1᠂ ᠰᠢᠭᠦᠭ᠍ᠴᠢ ᠢᠢᠨ ᠡᠷᠬᠡ ᠵᠦᠢ ᠢᠢᠨ ᠪᠠᠢᠢᠳᠠᠯ ᠤᠨ ᠲᠤᠬᠠᠢ ᠬᠠᠤᠯᠢ ᠢᠢᠨ 15 ᠳ᠋ᠤᠭᠠᠷ ᠵᠦᠢᠯ ᠦᠨ 15.3 ᠳ᠋ᠠᠬᠢ ᠬᠡᠰᠡᠭ ᠢ ᠲᠤᠰ ᠲᠤᠰ ᠦᠨᠳᠦᠰᠦᠯᠡᠨ ᠵᠠᠷᠯᠢᠭ ᠪᠣᠯᠭᠠᠬᠤ ᠨᠢ᠄

ᠤᠯᠤᠰ ᠤᠨ ᠳᠡᠭᠡᠳᠦ ᠰᠢᠭᠦᠬᠦ ᠢᠢᠨ ᠰᠠᠨᠠᠯ ᠪᠣᠯᠭᠠᠭᠰᠠᠨ ᠢᠶᠠᠷ ᠬᠦᠬᠦᠢᠢᠰᠦ᠋ᠷᠦᠩ ᠦᠨ ᠪᠠᠲᠤᠰᠦ᠋ᠷᠦᠩ ᠢ ᠮᠣᠩ᠋ᠭᠣᠯ

thumbnail 19.5.07 Maidar
19.5.07 Maidar
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠨᠳᠦᠰᠦᠨ ᠦ ᠺᠢᠨᠣ᠋ ᠦᠢᠯᠡᠳᠪᠦᠷᠢ ᠢᠢᠨ ᠰᠢᠪᠠ ᠲᠠᠯᠪᠢᠬᠤ ᠶᠣᠰᠣᠯᠠᠯ ᠳᠤ ᠣᠷᠣᠯᠴᠠᠵᠤ᠂ ᠦᠭᠡ ᠬᠡᠯᠡᠯ᠎ᠡ

 

ᠲᠥᠪ ᠠᠢᠢᠮᠠᠭ ᠤᠨ ᠵᠠᠭᠤᠨᠮᠣᠳᠤ ᠰᠤᠮᠤ ᠠᠴᠠ 10 ᠺᠢᠯᠣᠮᠧᠲ᠋ᠷ ᠵᠠᠢ ᠳᠤ ᠪᠠᠢᠢᠷᠢᠯᠠᠬᠤ 《ᠮᠠᠢᠢᠳᠠᠷᠢ ᠡᠺᠣ ᠬᠣᠲᠠ》 ᠲᠥᠰᠥᠯ ᠦᠨ ᠲᠠᠯᠠᠪᠠᠢ ᠳᠤ ᠥᠨᠥᠳᠥᠷ ᠮᠣᠩ᠋ᠭᠣᠯ ᠤᠨ ᠦᠨᠳᠦᠰᠦᠨ ᠦ ᠺᠢᠨᠣ᠋ ᠦᠢᠯᠡᠳᠪᠦᠷᠢ ᠢᠢᠨ ᠰᠢᠪᠠ ᠲᠠᠯᠪᠢᠬᠤ ᠶᠣᠰᠣᠯᠠᠯ ᠪᠣᠯᠵᠤ᠂ ᠥᠨᠳᠥᠷᠯᠡᠯ᠎ᠡ᠃

ᠰᠢᠪᠠ ᠲᠠᠯᠪᠢᠬᠤ ᠶᠣᠰᠣᠯᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠷᠣᠯᠴᠠᠵᠤ᠂ ᠦᠭᠡ ᠬᠡᠯᠡᠪᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠄
《ᠬᠦᠷᠦᠯᠴᠡᠨ ᠢᠷᠡᠭᠰᠡᠨ ᠵᠣᠴᠢᠨ᠂ ᠲᠥᠯᠥᠭᠡᠯᠡᠭᠴᠢ ᠲᠠ ᠪᠦᠬᠦᠨ ᠳᠥ ᠡᠨᠡ ᠥᠷᠯᠥᠭᠡᠨ ᠦ ᠮᠡᠨᠳᠦ ᠬᠦᠷᠭᠡᠶ᠎ᠡ᠃

ᠵᠤᠨ ᠤ ᠲᠡᠷᠢᠭᠦᠨ ᠰᠠᠷ᠎ᠠ ᠢᠢᠨ ᠰᠢᠨ᠎ᠡ ᠢᠢᠨ ᠭᠤᠷᠪᠠᠨ ᠤ ᠪᠡᠯᠭᠡᠲᠦ ᠰᠠᠢᠢᠨ ᠡᠨᠡ ᠡᠳᠦᠷ ᠲᠠ ᠪᠢᠳᠡ ᠮᠣᠩ᠋ᠭᠣᠯ ᠤᠨ

thumbnail 19.05.03 Mishele1
19.05.03 Mishele1
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠲᠤᠰᠬᠠᠢ ᠢᠯᠡᠳᠬᠡᠭ᠍ᠴᠢ ᠢᠢ ᠬᠦᠯᠢᠶᠡᠨ ᠠᠪᠴᠤ ᠠᠭᠤᠯᠵᠠᠯ᠎ᠠ

ᠬᠦᠮᠦᠨ ᠦ ᠡᠷᠬᠡ ᠢᠢ ᠬᠠᠮᠠᠭᠠᠯᠠᠭᠴᠢ ᠢᠢᠨ ᠠᠰᠠᠭᠤᠳᠠᠯ ᠬᠠᠷᠢᠭᠤᠴᠠᠭᠰᠠᠨ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠲᠤᠰᠬᠠᠢ ᠢᠯᠡᠳᠬᠡᠭ᠍ᠴᠢ ᠮᠥᠱᠧᠯ ᠹᠣᠷᠰᠲ ᠢ ᠥᠨᠥᠳᠥᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠷᠭᠡᠨ ᠦ ᠨᠡᠢᠢᠭᠡᠮ᠂ ᠬᠦᠮᠦᠨ ᠦ ᠡᠷᠬᠡ ᠢᠢᠨ ᠪᠣᠳᠣᠯᠭ᠎ᠠ ᠢᠢᠨ ᠵᠥᠪᠯᠡᠬᠦ ᠭ ∙ ᠤᠶᠠᠩ᠋ᠭ᠎ᠠ ᠨᠠᠷ ᠬᠦᠯᠢᠶᠡᠨ ᠠᠪᠴᠤ ᠠᠭᠤᠯᠵᠠᠪᠠ᠃

ᠲᠤᠰᠬᠠᠢ ᠢᠯᠡᠳᠬᠡᠭ᠍ᠴᠢ ᠮ ∙ ᠹᠣᠷᠰᠲ ᠨᠢ ᠲᠠᠪᠤᠳᠤᠭᠠᠷ ᠰᠠᠷ᠎ᠠ ᠢᠢᠨ 13 ᠤ ᠡᠳᠦᠷ ᠢ ᠬᠦᠷᠲᠡᠯ᠎ᠡ ᠮᠣᠩ᠋ᠭᠣᠯ ᠤᠯᠤᠰ ᠳᠠᠬᠢ ᠬᠦᠮᠦᠨ ᠦ ᠡᠷᠬᠡ ᠢᠢ ᠬᠠᠮᠠᠭᠠᠯᠠᠭᠴᠢ ᠢᠢᠨ ᠨᠥᠬᠥᠴᠡᠯ ᠪᠠᠢᠢᠳᠠᠯ ᠲᠠᠢ ᠲᠠᠨᠢᠯᠴᠠᠵᠤ ᠵᠥᠪᠯᠡᠮᠵᠢ ᠭᠠᠷᠭᠠᠬᠤ ᠪᠥᠭᠡᠳ ᠡᠨᠡ ᠬᠦᠷᠢᠶᠡᠨ ᠳᠥ ᠤᠯᠤᠰ ᠤᠨ ᠶᠡᠬᠡ