Та "Internet explorer"-ийн сүүлийн хувилбар болох "Microsoft edge"-г ашиглана уу

Хэрэв "Microsoft edge"-г татах бол энд дарж татаж авна уу

ᠠᠷᠬᠢᠸ
thumbnail 20.04.22-MEC
20.04.22-MEC
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠤᠯᠤᠰ ᠤᠨ ᠣᠨᠴᠤᠭᠤᠢ ᠺᠣᠮᠢᠰ ᠲᠤ ᠲᠤᠰᠬᠠᠢ ᠵᠣᠷᠢᠭᠤᠯᠤᠯᠲᠠ ᠢᠢᠨ ᠬᠤᠪᠴᠠᠰᠤ ᠬᠠᠨᠳᠢᠪᠯᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠦᠨᠳᠦᠰᠦᠨ ᠦ ᠦᠢᠯᠡᠳᠪᠦᠷᠢᠯᠡᠭᠴᠢ 《Exclusive》
ᠺᠣᠮᠫᠠᠨᠢ ᠢᠢᠨ ᠦᠢᠯᠡᠳᠪᠦᠷᠢᠯᠡᠵᠦ ᠪᠤᠢ 《exMed》
ᠪᠷᠧᠨ᠋ᠳ᠋ ᠦᠨ 5᠂000 ᠰᠢᠷᠬᠡᠭ᠌ ᠸᠢᠷᠦᠰᠤᠨ ᠠᠴᠠ ᠬᠠᠮᠠᠭᠠᠯᠠᠬᠤ
ᠲᠤᠰᠬᠠᠢ ᠵᠣᠷᠢᠭᠤᠯᠤᠯᠲᠠ ᠢᠢᠨ ᠬᠤᠪᠴᠠᠰᠤ ᠢᠢ ᠬᠤᠳᠠᠯᠳᠤᠨ ᠠᠪᠴᠤ᠂ ᠤᠯᠤᠰ ᠤᠨ ᠣᠨᠴᠤᠭᠤᠢ ᠺᠣᠮᠢᠰ ᠲᠤ
ᠬᠠᠨᠳᠢᠪᠯᠠᠯ᠎ᠠ᠃

ᠬᠠᠨᠳᠢᠪ ᠤᠨ ᠬᠠᠮᠠᠭᠠᠯᠠᠬᠤ ᠬᠤᠪᠴᠠᠰᠤ ᠢᠢ ᠮᠣᠩ᠋ᠭᠣᠯ ᠤᠯᠤᠰ ᠤᠨ
ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠥ᠊ ∙
ᠰᠢᠵᠢᠷ ᠤᠯᠤᠰ ᠤᠨ ᠣᠨᠴᠤᠭᠤᠢ ᠺᠣᠮᠢᠰ ᠤᠨ ᠳᠠᠷᠤᠭ᠎ᠠ ᠥ᠊ ∙
ᠡᠩᠬᠡᠲᠦᠪᠰᠢᠨ ᠳᠥ ᠥᠨᠥᠳᠥᠷ ᠭᠠᠷᠳᠠᠭᠤᠯᠤᠯ᠎ᠠ᠃

ᠤᠯᠤᠰ ᠤᠨ ᠣᠨᠴᠤᠭᠤᠢ ᠺᠣᠮᠢᠰ ᠤᠨ ᠳᠠᠷᠤᠭ᠎ᠠ᠂ ᠰᠢᠳᠠᠷ ᠰᠠᠢᠢᠳ ᠥ᠊ ∙
ᠡᠩᠬᠡᠲᠦᠪᠰᠢᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ
ᠵᠦᠭ ᠡᠴᠡ ᠥᠨᠳᠥᠷ ᠡᠷᠦᠰᠳᠡᠯ ᠲᠡᠢ ᠨᠥᠬᠥᠴᠡᠯ ᠪᠠᠢᠢᠳᠠᠯ ᠳᠤ ᠠᠵᠢᠯᠯᠠᠵᠤ ᠪᠠᠢᠢᠭ᠎ᠠ ᠲᠥᠷᠥ ᠢᠢᠨ ᠠᠯᠪᠠᠨ
ᠬᠠᠭᠠᠭᠴᠢᠳ᠂ ᠡᠮᠨᠡᠯᠭᠡ᠂ ᠣᠨᠴᠤᠭᠤᠢ ᠪᠠᠢᠢᠳᠠᠯ᠂

thumbnail 20.04.09 GCE
20.04.09 GCE
ᠮᠣᠩ᠋ᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠰᠣᠩ᠋ᠭᠣᠭᠤᠯᠢ ᠶᠢᠨ ᠶᠡᠷᠦᠩᠬᠡᠢ ᠬᠣᠷᠢᠶᠠᠨ ᠤ ᠳᠠᠷᠤᠭ᠎ᠠ᠂ ᠭᠡᠰᠢᠭᠦᠳ ᠲᠡᠢ ᠠᠭᠤᠯᠵᠠᠯ᠎ᠠ

ᠮᠣᠩ᠋ᠭᠣᠯ  ᠤᠯᠤᠰ ᠤᠨ ᠶᠡᠷᠦᠩᠬᠡᠶᠢᠯᠡᠭᠴᠢ ᠬ ∙
ᠪᠠᠲᠤᠲᠤᠯᠭ᠎ᠠ ᠥᠨᠥᠳᠥᠷ ᠰᠣᠩ᠋ᠭᠣᠭᠤᠯᠢ ᠶᠢᠨ ᠶᠡᠷᠦᠩᠬᠡᠢ ᠬᠣᠷᠢᠶ᠎ᠠ ᠢᠢᠨ
ᠳᠠᠷᠤᠭ᠎ᠠ᠂ ᠭᠡᠰᠢᠭᠦᠳ ᠢ ᠬᠦᠯᠢᠶᠡᠨ ᠠᠪᠴᠤ ᠠᠭᠤᠯᠵᠠᠵᠤ᠂ 2020 ᠣᠨ ᠤ ᠤᠯᠤᠰ ᠤᠨ ᠶᠡᠬᠡ ᠬᠤᠷᠠᠯ ᠤᠨ
ᠡᠭᠡᠯᠵᠢᠲᠦ ᠰᠣᠩ᠋ᠭᠣᠭᠤᠯᠢ ᠶᠢᠨ ᠪᠡᠯᠡᠳᠬᠡᠯ ᠠᠵᠢᠯ ᠤᠨ ᠲᠠᠯ᠎ᠠ ᠪᠠᠷ ᠵᠥᠪᠯᠡᠯᠳᠦᠵᠦ᠂ ᠶᠠᠷᠢᠯᠴᠠᠯ᠎ᠠ᠃

ᠡᠨᠡ ᠤᠳᠠᠭ᠎ᠠ ᠶᠢᠨ ᠰᠣᠩ᠋ᠭᠣᠭᠤᠯᠢ ᠺᠣᠷᠤᠨᠠᠸᠢᠷᠦ᠋ᠰᠲᠦ ᠴᠠᠷ᠎ᠠ
ᠲᠠᠬᠤᠯ ᠤᠨ ᠨᠥᠬᠥᠴᠡᠯ ᠳᠥ ᠪᠣᠯᠬᠤ ᠲᠤᠯᠠ ᠨᠡᠶᠢᠲᠡ ᠢᠷᠭᠡᠳ ᠦᠨ ᠠᠶᠤᠯ ᠦᠭᠡᠢ ᠪᠠᠶᠢᠳᠠᠯ ᠢ ᠬᠠᠮᠠᠭᠠᠯᠠᠬᠤ᠂
ᠪᠥᠭᠡᠭᠡᠨᠡᠷᠡᠯ᠂ ᠴᠤᠭᠯᠠᠷᠠᠯ ᠳᠤ ᠡᠭᠦᠰᠬᠡᠬᠦ ᠦᠭᠡᠢ ᠪᠠᠶᠢᠬᠤ ᠴᠢᠭᠯᠡᠯ ᠢᠶᠡᠷ ᠰᠣᠩ᠋ᠭᠣᠭᠤᠯᠢ ᠶᠢᠨ
ᠶᠡᠷᠦᠩᠬᠡᠢ ᠬᠣᠷᠢᠶᠠᠨ ᠤ ᠬᠢᠵᠦ ᠪᠤᠢ ᠪᠡᠯᠡᠳᠬᠡᠯ ᠠᠵᠢᠯ ᠢ ᠰᠤᠨᠤᠰᠪᠠ᠃

ᠠᠭᠤᠯᠵᠠᠯᠲᠠ ᠳᠤ᠂ ᠰᠣᠩ᠋ᠭᠣᠭᠤᠯᠢ ᠶᠢᠨ ᠶᠡᠷᠦᠩᠬᠡᠢ ᠬᠣᠷᠢᠶᠠᠨ ᠤ
ᠳᠠᠷᠤᠭ᠎ᠠ ᠴ ∙ ᠰᠣᠳᠨᠠᠮᠴᠡᠷᠢᠩ᠂ ᠨᠠᠷᠢᠨ ᠪᠢᠴᠢᠭ᠌ ᠦᠨ ᠳᠠᠷᠤᠭ᠎ᠠ ᠴ
∙ ᠪᠣᠯᠤᠳᠰᠠᠶᠢᠬᠠᠨ᠂ ᠭᠡᠰᠢᠭᠦᠳ ᠣ᠊

thumbnail 20.04.06-Parliament
20.04.06-Parliament
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠤᠯᠤᠰ ᠤᠨ ᠶᠡᠬᠡ ᠬᠤᠷᠠᠯ ᠤᠨ ᠬᠠᠪᠤᠷ ᠤᠨ ᠴᠢᠭᠤᠯᠭᠠᠨ ᠤ ᠨᠡᠭᠡᠭᠡᠯᠲᠡ ᠳᠥ ᠣᠷᠣᠯᠴᠠᠵᠤ᠂ ᠦᠭᠡ ᠬᠡᠯᠡᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠥᠨᠥᠳᠥᠷ ᠤᠯᠤᠰ ᠤᠨ ᠶᠡᠬᠡ ᠬᠤᠷᠠᠯ ᠤᠨ ᠬᠠᠪᠤᠷ ᠤᠨ
ᠡᠭᠡᠯᠵᠢᠲᠦ ᠴᠢᠭᠤᠯᠭᠠᠨ ᠤ ᠨᠡᠭᠡᠭᠡᠯᠲᠡ ᠳᠥ ᠣᠷᠣᠯᠴᠠᠵᠤ᠂ ᠦᠭᠡ ᠬᠡᠯᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠡᠯᠡᠭᠰᠡᠨ ᠦᠭᠡᠨ ᠳᠥ ᠪᠡᠨ᠄

《 ᠡᠨᠡ ᠤᠳᠠᠭ᠎ᠠ ᠢᠢᠨ ᠤᠯᠤᠰ ᠤᠨ ᠶᠡᠬᠡ ᠬᠤᠷᠠᠯ ᠤᠨ ᠬᠠᠪᠤᠷ ᠤᠨ
ᠴᠢᠭᠤᠯᠭᠠᠨ ᠨᠡᠩ ᠲᠥᠪᠡᠭ᠍ᠲᠡᠢ᠂ ᠡᠷᠦᠰᠳᠡᠯ ᠬᠦᠨᠳᠦᠷᠡᠯ ᠳᠦᠭᠦᠷᠡᠩ ᠴᠠᠭ ᠦᠶ᠎ᠡ ᠳᠥ ᠨᠡᠭᠡᠭᠡᠭ᠍ᠳᠡᠵᠦ ᠪᠠᠢᠢᠨ᠎ᠠ᠃
ᠲᠢᠲᠢᠮᠳᠥ ᠸᠢᠷᠦ᠋ᠰ ᠦᠨ ᠴᠠᠷ᠎ᠠ ᠲᠠᠬᠤᠯ ᠳᠡᠯᠡᠬᠡᠢ ᠢᠢᠨ ᠪᠠᠷᠤᠭ ᠪᠦᠬᠦ ᠤᠯᠤᠰ ᠣᠷᠣᠨ ᠳᠤ ᠲᠠᠷᠬᠠᠵᠤ᠂ ᠰᠠᠶ᠋᠎ᠠ
ᠬᠣᠯᠠ ᠳᠠᠪᠠᠭᠰᠠᠨ ᠬᠦᠮᠦᠨ ᠡᠨᠡ ᠡᠪᠡᠳᠴᠢᠨ ᠢᠶᠡᠷ ᠬᠠᠯᠳᠠᠪᠤᠷᠢᠯᠠᠵᠤ᠂ ᠨᠠᠰᠤ ᠪᠠᠷᠠᠭᠰᠠᠳ ᠤᠨ ᠲᠣᠭ᠎ᠠ 70
ᠮᠢᠩ᠋ᠭ᠎ᠠ ᠠᠴᠠ ᠳᠠᠪᠠᠭᠠᠳ ᠪᠤᠢ ᠡᠢᠢᠮᠦ ᠴᠠᠭ ᠦᠶ᠎ᠡ ᠳᠥ ᠪᠢᠳᠡ ᠬᠠᠪᠤᠷ ᠲᠠᠢ

thumbnail 20.03.22 Nauryz
20.03.22 Nauryz
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠨᠠᠦ᠋ᠷᠢᠽ ᠤᠨ ᠪᠠᠶᠠᠷ ᠤᠨ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠨᠠᠦ᠋ᠷᠢᠽ ᠤᠨ ᠪᠠᠶᠠᠷ ᠢ ᠲᠣᠬᠢᠶᠠᠯᠳᠤᠭᠤᠯᠤᠨ ᠺᠠᠽᠠᠺ
 ᠲᠦᠮᠡᠨ ᠳᠥ ᠪᠡᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ  ᠢᠢᠨ
ᠮᠡᠨᠳᠦᠴᠢᠯᠡᠭᠡᠨ ᠳᠦᠷ᠄

《 ᠨᠠᠦ᠋ᠷᠢᠽ ᠤᠨ
ᠪᠠᠶᠠᠷ ᠤᠨ ᠬᠠᠯᠠᠭᠤᠨ ᠮᠡᠨᠳᠦ ᠢᠢ ᠺᠠᠽᠠᠺ  ᠲᠦᠮᠡᠨ ᠳᠥ ᠪᠡᠨ
ᠳᠡᠪᠰᠢᠭᠦᠯᠦᠶ᠎ᠡ᠃

ᠤᠷᠢᠨ ᠬᠠᠪᠤᠷ ᠢ ᠥᠯᠵᠡᠢᠢᠲᠡᠢ ᠰᠠᠢᠢᠬᠠᠨ ᠢᠶᠠᠷ ᠤᠭᠲᠤᠨ
ᠵᠣᠯᠭᠠᠬᠤ ᠢᠢᠨ ᠢᠷᠦᠭᠡᠯ ᠨᠠᠦ᠋ᠷᠢᠽ ᠤᠨ ᠪᠠᠶᠠᠷ ᠢ ᠤᠯᠠᠮᠵᠢᠯᠠᠯ ᠶᠣᠰᠣᠭᠠᠷ ᠲᠡᠮᠳᠡᠭᠯᠡᠵᠦ ᠪᠠᠢᠢᠭ᠎ᠠ ᠺᠠᠽᠠᠺ
 ᠲᠦᠮᠡᠨ ᠳᠥ ᠪᠡᠨ ᠬᠠᠨᠳᠤᠨ ᠤᠷᠢᠶᠠᠯᠠᠬᠤ ᠳᠤ᠄

ᠠᠬᠠᠨ ᠳᠡᠭᠦᠰ᠂ ᠠᠢᠢᠯ ᠰᠠᠭᠠᠬᠠᠯᠲᠠ ᠪᠠᠷ ᠢᠶᠠᠨ ᠠᠭᠤᠯᠵᠠᠨ
ᠵᠣᠯᠭᠠᠵᠤ᠂ ᠠᠬᠠᠮᠠᠳ ᠨᠠᠰᠤᠲᠠᠨ ᠢᠶᠠᠨ ᠳᠡᠭᠡᠳᠦᠯᠡᠨ ᠬᠦᠨᠳᠦᠯᠡᠬᠦ ᠰᠠᠢᠢᠬᠠᠨ ᠵᠠᠩᠰᠢᠯ ᠢᠶᠠᠨ ᠡᠨᠡ ᠤᠳᠠᠭ᠎ᠠ
ᠬᠦᠯᠢᠴᠡᠨ ᠬᠣᠢᠢᠰᠢᠯᠠᠭᠤᠯᠵᠤ᠂ ᠲᠧᠭᠨᠣᠯᠣᠭᠢ ᠢᠢᠨ ᠳᠡᠪᠰᠢᠯ ᠢ ᠠᠰᠢᠭᠯᠠᠨ ᠴᠠᠬᠢᠮ ᠵᠣᠯᠭᠠᠯᠲᠠ᠂ ᠵᠠᠢ ᠠᠴᠠ
ᠮᠡᠨᠳᠦᠴᠢᠯᠡᠭᠡ ᠳᠡᠪᠰᠢᠭᠦᠯᠬᠦ ᠵᠡᠷᠭᠡ ᠡᠷᠦᠰᠳᠡᠯ ᠡᠴᠡ ᠰᠡᠷᠭᠡᠢᠢᠯᠡᠭᠰᠡᠨ ᠬᠡᠯᠪᠡᠷᠢ ᠢᠢ ᠠᠰᠢᠭᠯᠠᠬᠤ ᠢᠢ
ᠲᠦᠮᠡᠨ ᠳᠥ ᠪᠡᠨ ᠬᠦᠰᠡᠶ᠎ᠡ᠃

ᠳᠡᠯᠡᠬᠡᠢ ᠳᠠᠶᠠᠭᠠᠷ

thumbnail 20.03.17-Soldier
20.03.17-Soldier
ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ 《ᠮᠣᠩ᠋ᠭᠣᠯ ᠴᠡᠷᠢᠭ ᠦᠨ ᠡᠳᠦᠷ》 ᠍ ᠦᠨ ᠮᠡᠨᠳᠦᠴᠢᠯᠡᠭᠡ ᠳᠡᠪᠰᠢᠭᠦᠯᠦᠯ᠎ᠡ

ᠥᠨᠥᠳᠥᠷ ᠲᠣᠬᠢᠶᠠᠵᠤ ᠪᠤᠢ 《ᠮᠣᠩ᠋ᠭᠣᠯ ᠴᠡᠷᠢᠭ ᠦᠨ ᠡᠳᠦᠷ》᠂ ᠣᠷᠴᠢᠨ ᠴᠠᠭ ᠤᠨ ᠵᠡᠪᠰᠡᠭᠲᠦ ᠬᠦᠴᠦᠨ ᠦ 99 ᠵᠢᠯ ᠦᠨ ᠣᠢ ᠢᠢᠨ
ᠪᠠᠶᠠᠷ ᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ
ᠶᠡᠷᠦᠩᠬᠡᠢ ᠺᠣᠮᠠᠨ᠋ᠳ᠋ᠯᠠᠭᠴᠢ  ᠬ ∙
ᠪᠠᠲᠤᠲᠤᠯᠭ᠎ᠠ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ
ᠶᠡᠷᠦᠩᠬᠡᠢ ᠺᠣᠮᠠᠨ᠋ᠳ᠋ᠯᠠᠭᠴᠢ  ᠢᠢᠨ ᠮᠡᠨᠳᠦᠴᠢᠯᠡᠭᠡᠨ ᠳᠦᠷ᠄

《ᠡᠷᠬᠢᠮ
ᠴᠡᠷᠢᠭ ᠦᠨ ᠠᠯᠪᠠ ᠬᠠᠭᠠᠭᠴᠢᠳ᠂ ᠭᠧᠨᠧᠷᠠᠯ᠂ ᠣᠹᠢᠼᠧᠷ᠂ ᠭᠡᠷᠡᠳᠦ ᠪᠣᠯᠤᠨ ᠬᠤᠭᠤᠴᠠᠭᠠᠳᠤ ᠠᠯᠪᠠᠨ ᠤ
ᠠᠵᠢᠯᠲᠠᠨ ᠠᠯᠪᠠᠨ ᠬᠠᠭᠠᠭᠴᠢᠳ᠂ ᠪᠡᠯᠡᠳᠬᠡᠯ ᠪᠣᠯᠤᠨ ᠴᠢᠯᠦᠭᠡᠨ ᠳᠥ ᠪᠠᠢᠢᠭ᠎ᠠ ᠠᠬᠠᠮᠠᠳ ᠳᠠᠢᠢᠴᠢᠳ᠂ ᠡᠩᠬᠡ ᠢᠢ
ᠰᠠᠬᠢᠭᠤᠯᠤᠭᠴᠢᠳ ᠠ᠋᠂

ᠲᠠ ᠪᠦᠬᠦᠨ ᠳᠥ 《ᠮᠣᠩ᠋ᠭᠣᠯ
ᠴᠡᠷᠢᠭ ᠦᠨ ᠡᠳᠦᠷ》 – ᠣᠷᠴᠢᠨ
ᠴᠠᠭ ᠤᠨ ᠵᠡᠪᠰᠡᠭᠲᠦ ᠬᠦᠴᠦᠨ ᠡᠭᠦᠰᠴᠥ ᠬᠥᠭ᠍ᠵᠢᠭᠰᠡᠨ ᠦ 99 ᠵᠢᠯ ᠦᠨ

thumbnail 20.02.28-China
20.02.28-China
ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠲᠥᠷᠥ ᠢᠢᠨ ᠵᠥᠪᠯᠡᠯ ᠦᠨ ᠶᠡᠷᠦᠩᠬᠡᠢ ᠰᠠᠢᠢᠳ ᠯᠢ ᠺᠥᠴᠢᠶᠠᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠪᠠᠷᠠᠭᠠᠯᠬᠠᠪᠠ

ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠲᠥᠷᠥ ᠢᠢᠨ
ᠵᠥᠪᠯᠡᠯ ᠦᠨ ᠶᠡᠷᠦᠩᠬᠡᠢ ᠰᠠᠢᠢᠳ ᠯᠢ ᠺᠥᠴᠢᠶᠠᠨ ᠥᠴᠥᠭᠡᠳᠦᠷ /2020.02.27/ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠳᠤ ᠪᠠᠷᠠᠭᠠᠯᠬᠠᠵᠤ᠂ ᠪᠦᠭᠦᠳᠡ ᠨᠠᠢᠢᠷᠠᠮᠳᠠᠬᠤ
ᠬᠢᠲᠠᠳ ᠠᠷᠠᠳ ᠤᠯᠤᠰ ᠳᠦ ᠭᠠᠷᠤᠭᠰᠠᠨ ᠺᠣᠷᠤᠨᠠᠸᠢᠷᠦ᠋ᠰ  (Covid-19) ᠤᠨ
ᠲᠠᠷᠬᠠᠯᠲᠠ ᠢᠢᠨ ᠦᠶ᠎ᠡ ᠳᠥ ᠪᠤᠶᠤ ᠣᠨᠴᠣᠭᠤᠢ ᠨᠥᠬᠥᠴᠡᠯ ᠪᠠᠢᠢᠳᠠᠯ ᠳᠤ ᠬᠦᠷᠦᠯᠴᠡᠨ ᠢᠷᠡᠵᠦ᠂ ᠰᠡᠳᠬᠢᠯ ᠦᠨ
ᠳᠡᠮ ᠥᠭᠴᠦ ᠪᠠᠢᠢᠭ᠎ᠠ ᠳᠤ ᠲᠠᠯᠠᠷᠬᠠᠯ ᠢᠯᠡᠷᠬᠡᠢᠢᠯᠡᠯ᠎ᠡ᠃

ᠲᠥᠷᠥ ᠢᠢᠨ ᠵᠥᠪᠯᠡᠯ ᠦᠨ ᠶᠡᠷᠦᠩᠬᠡᠢ ᠰᠠᠢᠢᠳ ᠯᠢ ᠺᠥᠴᠢᠶᠠᠨ ᠪᠦᠭᠦᠳᠡ
ᠨᠠᠢᠢᠷᠠᠮᠳᠠᠬᠤ ᠬᠢᠲᠠᠳ ᠠᠷᠠᠳ ᠤᠯᠤᠰ ᠳᠦ᠂ ᠲᠡᠷᠡ ᠳᠤᠮᠳᠠ ᠪᠠᠨ ᠦᠾᠠᠨᠢ ᠬᠣᠲᠠ ᠳᠤ ᠭᠠᠷᠤᠭᠰᠠᠨ ᠰᠢᠨ᠎ᠡ
ᠲᠥᠷᠥᠯ ᠦᠨ ᠺᠣᠷᠤᠨᠠᠸᠢᠷᠦ᠋ᠰ ᠦᠨ ᠲᠠᠷᠬᠠᠯᠲᠠ ᠢᠢ ᠵᠣᠭᠰᠣᠭᠠᠬᠤ ᠢᠢᠨ ᠲᠤᠯᠠᠳᠠ ᠪᠦᠭᠦᠳᠡ ᠨᠠᠢᠢᠷᠠᠮᠳᠠᠬᠤ
ᠬᠢᠲᠠᠳ

thumbnail 20.02.27-China
20.02.27-China
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠰᠢ ᠵᠢᠨᠫᠢᠩ ᠨᠠᠷ ᠠᠭᠤᠯᠵᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠥᠨᠥᠳᠥᠷ (2020.02.27) ᠪᠦᠭᠦᠳᠡ ᠨᠠᠢᠢᠷᠠᠮᠳᠠᠬᠤ
ᠬᠢᠲᠠᠳ ᠠᠷᠠᠳ ᠤᠯᠤᠰ ᠲᠤ ᠬᠦᠷᠦᠯᠴᠡᠨ ᠣᠴᠢᠵᠤ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ
ᠳᠠᠷᠤᠭ᠎ᠠ ᠰᠢ ᠵᠢᠨᠫᠢᠩ ᠲᠡᠢ ᠠᠭᠤᠯᠵᠠᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢ ᠭᠠᠳᠠᠭᠠᠳᠤ
ᠬᠠᠷᠢᠯᠴᠠᠭᠠᠨ ᠤ ᠰᠠᠢᠢᠳ ᠲ ∙ ᠴᠣᠭᠲᠤᠪᠠᠭᠠᠲᠤᠷ᠂
ᠮᠣᠩ᠋ᠭᠣᠯ ᠤᠯᠤᠰ ᠠᠴᠠ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ
ᠡᠷᠬᠡᠲᠦ ᠡᠯᠴᠢᠨ ᠰᠠᠢᠢᠳ ᠲ ∙ ᠭᠠᠩ᠋ᠬᠤᠶᠠᠭ᠂
ᠣᠨᠴᠤᠭᠤᠢ ᠪᠠᠢᠢᠳᠠᠯ ᠤᠨ ᠶᠡᠷᠦᠩᠬᠡᠢ ᠭᠠᠵᠠᠷ ᠤᠨ ᠳᠠᠷᠤᠭ᠎ᠠ᠂ ᠬᠣᠰᠢᠭᠤᠴᠢ ᠭᠧᠨᠧᠷᠠᠯ ᠲ ∙
ᠪᠠᠳᠠᠷᠠᠯ᠂ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ
ᠳᠠᠷᠤᠭ᠎ᠠ ᠥ᠊ ∙ ᠰᠢᠵᠢᠷ᠂ ᠶᠡᠷᠦᠩᠬᠡᠢᠢᠯᠡᠭᠴᠢ ᠢᠢᠨ ᠭᠠᠳᠠᠭᠠᠳᠤ
ᠪᠣᠳᠣᠯᠭ᠎ᠠ ᠢᠢᠨ

thumbnail 20.02.24 Mendchilgee
20.02.24 Mendchilgee
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠠᠷ᠎ᠠ ᠰᠢᠨ᠎ᠡ ᠢᠢᠨ ᠪᠠᠶᠠᠷ ᠤᠨ ᠮᠡᠨᠳᠦᠴᠢᠯᠡᠭᠡ ᠳᠡᠪᠰᠢᠭᠦᠯᠦᠯ᠎ᠡ

ᠠᠷᠪᠠᠨ ᠳᠣᠯᠣᠳᠤᠭᠠᠷ
ᠵᠢᠷᠠᠨ ᠤ 《ᠬᠣᠲᠠᠯᠠ
ᠲᠡᠭᠦᠰ》 ᠬᠡᠮᠡᠬᠦ ᠴᠠᠭᠠᠨ
ᠬᠤᠯᠤᠭᠠᠨ᠎ᠠ ᠵᠢᠯ ᠦᠨ ᠰᠠᠷ᠎ᠠ ᠰᠢᠨ᠎ᠡ ᠢᠢᠨ ᠪᠠᠶᠠᠷ ᠢ ᠲᠣᠬᠢᠶᠠᠯᠳᠤᠭᠤᠯᠤᠨ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠠᠷᠠᠳ ᠲᠦᠮᠡᠨ ᠳᠥ ᠪᠡᠨ ᠬᠠᠨᠳᠤᠨ ᠮᠡᠨᠳᠦᠴᠢᠯᠡᠭᠡ
ᠳᠡᠪᠰᠢᠭᠦᠯᠦᠯ᠎ᠡ᠃

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ᠄

《ᠠᠮᠤᠷᠬᠠᠨ
ᠰᠠᠢᠢᠨ ᠪᠠᠢᠢᠵᠠᠭᠠᠨ᠎ᠠ ᠤᠤ᠂ ᠮᠣᠩ᠋ᠭᠣᠯᠴᠤᠳ ᠠ᠋᠂

ᠠᠬᠠᠮᠠᠳ ᠨᠠᠰᠤᠲᠠᠨ ᠪᠤᠭᠤᠷᠤᠯ ᠤᠳ ᠮᠢᠨᠢ ᠲᠠᠪᠠᠲᠠᠢ ᠰᠠᠢᠢᠬᠠᠨ
ᠬᠠᠪᠤᠷᠵᠢᠵᠤ ᠪᠠᠢᠢᠨ᠎ᠠ ᠤᠤ?

ᠮᠣᠩ᠋ᠭᠣᠯ  ᠰᠠᠢᠢᠬᠠᠨ
ᠤᠯᠠᠮᠵᠢᠯᠠᠯ ᠢᠶᠠᠷ ᠢᠶᠠᠨ ᠲᠠ ᠪᠦᠬᠦᠨ ᠦ ᠠᠮᠤᠷ ᠠᠮᠤᠭᠤᠯᠠᠩ ᠢ ᠠᠢᠢᠯᠠᠳᠬᠠᠵᠤ 《ᠬᠣᠲᠠᠯᠠ ᠲᠡᠭᠦᠰ》
ᠬᠡᠮᠡᠬᠦ ᠴᠠᠭᠠᠨ ᠬᠤᠯᠤᠭᠠᠨ᠎ᠠ ᠵᠢᠯ ᠦᠨ ᠰᠠᠷ᠎ᠠ ᠰᠢᠨ᠎ᠡ ᠢᠢᠨ
ᠪᠠᠶᠠᠷ ᠤᠨ ᠮᠡᠨᠳᠦ ᠳᠡᠪᠰᠢᠭᠦᠯᠦᠶ᠎ᠡ!

《ᠡᠪᠡᠳᠴᠢᠨ ᠦᠭᠡᠢ
ᠪᠣᠯ ᠵᠢᠷᠭᠠᠯ》 ᠬᠡᠮᠡᠬᠦ
ᠡᠪᠦᠭᠡᠳ ᠦᠨ ᠰᠠᠢᠢᠬᠠᠨ ᠰᠤᠷᠭᠠᠯ ᠪᠠᠢᠢᠳᠠᠭ᠃

ᠡᠷᠬᠢᠮ ᠳᠡᠭᠡᠳᠦ ᠪᠠᠶᠠᠯᠢᠭ ᠪᠣᠯᠬᠤ ᠡᠷᠡᠭᠦᠯ ᠮᠡᠨᠳᠦ ᠪᠡᠨ ᠬᠠᠢᠢᠷᠠᠯᠠᠨ
ᠬᠠᠮᠠᠭᠠᠯᠠᠵᠤ᠂

thumbnail 20.02.17 Urialga
20.02.17 Urialga
ᠬ ∙ ᠪᠠᠲᠤᠲᠤᠯᠭ᠎ᠠ᠄ ᠴᠠᠭᠠᠨ ᠰᠠᠷ᠎ᠠ ᠢᠢᠨ ᠪᠠᠶᠠᠷ ᠢ ᠨᠠᠰᠤᠲᠠᠨ ᠪᠤᠭᠤᠷᠤᠯ ᠤᠳ ᠲᠤ ᠬᠦᠨᠳᠦᠷᠡᠯ᠂ ᠡᠷᠦᠰᠳᠡᠯ ᠤᠴᠠᠷᠠᠭᠤᠯᠬᠤ ᠪᠠᠢᠢᠳᠠᠯ ᠢᠶᠠᠷ ᠲᠡᠮᠳᠡᠭᠯᠡᠬᠦ ᠦᠭᠡᠢ ᠪᠠᠢᠢᠬᠤ ᠢᠢ ᠤᠷᠢᠶᠠᠯᠠᠵᠤ ᠪᠠᠢᠢᠨ᠎ᠠ

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ 2020 ᠣᠨ ᠤ 02 ᠍ ᠳᠤᠭᠠᠷ ᠰᠠᠷ᠎ᠠ ᠢᠢᠨ 12 ᠍ ᠤ
ᠡᠳᠦᠷ ᠴᠠᠭᠠᠨ ᠰᠠᠷ᠎ᠠ ᠢᠢᠨ ᠪᠠᠶᠠᠷ ᠢ ᠲᠡᠮᠳᠡᠭᠯᠡᠬᠦ ᠦᠭᠡᠢ ᠪᠠᠢᠢᠬᠤ᠂ ᠪᠣᠯᠵᠣᠰᠢ ᠦᠭᠡᠢ ᠠᠶᠤᠯ ᠠᠴᠠ
ᠤᠷᠢᠳᠴᠢᠯᠠᠨ ᠰᠡᠷᠭᠡᠢᠢᠯᠡᠬᠦ ᠠᠰᠠᠭᠤᠳᠠᠯ ᠢᠶᠠᠷ 《ᠵᠠᠰᠠᠭ ᠤᠨ
ᠭᠠᠵᠠᠷ ᠲᠤ ᠴᠢᠭᠯᠡᠯ ᠥᠭ᠍ᠬᠦ ᠲᠤᠬᠠᠢ》
/《ᠰᠢᠨ᠎ᠡ
ᠺᠣᠷᠤᠨᠠᠸᠢᠷᠦ᠋ᠰ ᠦᠨ ᠬᠠᠯᠳᠠᠪᠤᠷᠢ ᠠᠴᠠ ᠤᠷᠢᠳᠴᠢᠯᠠᠨ ᠰᠡᠷᠭᠡᠢᠢᠯᠡᠬᠦ ᠲᠤᠬᠠᠢ/ ᠵᠠᠷᠯᠢᠭ ᠭᠠᠷᠭᠠᠭᠰᠠᠨ
ᠪᠢᠯᠡ᠃

ᠮᠥᠨ ᠥᠨᠥᠳᠥᠷ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠴᠠᠭᠠᠨ ᠰᠠᠷ᠎ᠠ ᠢᠢᠨ ᠪᠠᠶᠠᠷ ᠢ ᠥᠷᠭᠡᠨ ᠳᠡᠯᠭᠡᠷ
ᠲᠡᠮᠳᠡᠭᠯᠡᠬᠦ ᠦᠭᠡᠢ ᠪᠠᠢᠢᠬᠤ ᠤᠷᠢᠶᠠᠯᠭ᠎ᠠ ᠭᠠᠷᠭᠠᠵᠤ᠂ ᠠᠷᠠᠳ ᠲᠦᠮᠡᠨ ᠳᠥ ᠪᠡᠨ ᠬᠠᠨᠳᠤᠨ ᠦᠭᠡ ᠬᠡᠯᠡᠯ᠎ᠡ᠃

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠄

《ᠡᠷᠬᠢᠮ ᠮᠣᠩ᠋ᠭᠣᠯᠴᠤᠳ
ᠠ᠋᠂

ᠠᠷᠠᠳ ᠢᠷᠭᠡᠳ ᠡ᠂

ᠠᠬᠠᠮᠠᠳ ᠨᠠᠰᠤᠲᠠᠨ ᠪᠤᠭᠤᠷᠠᠯ ᠤᠳ