ᠻᠢᠨᠣ ᠤᠷᠠᠯᠢᠭ ᠡᠭᠦᠰᠴᠦ ᠬᠥᠭ᠍ᠵᠢᠭᠰᠡᠨ ᠦ ᠙᠐ ᠵᠢᠯ ᠦᠨ ᠣᠢ ᠶᠢ ᠲᠣᠬᠢᠶᠠᠯᠳᠤᠭᠤᠯᠤᠨ ᠲᠥᠷᠦ ᠶᠢᠨ ᠳᠡᠭᠡᠳᠦ ᠴᠣᠯᠠ ᠣᠯᠭᠤᠯ᠎ᠠ
ᠮᠣᠩ᠋ᠭᠤᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠻᠢᠨᠣ᠋ ᠤᠷᠠᠯᠢᠭ ᠡᠭᠦᠰᠴᠦ ᠬᠥᠭ᠍ᠵᠢᠭᠰᠡᠨ ᠦ ᠙᠐ ᠵᠢᠯ ᠦᠨ ᠣᠢ ᠶᠢ ᠲᠣᠬᠢᠢᠠᠯᠳᠤᠭᠤᠯᠤᠨ ᠵᠠᠷᠯᠢᠭ ᠭᠠᠷᠭᠠᠵᠤ᠂ ᠤᠷᠠᠨ ᠪᠦᠲᠦᠭᠡᠯᠴᠢ᠂ ᠠᠵᠢᠯᠲᠠᠨ ᠨᠤᠭᠤᠳ ᠢ ᠲᠥᠷᠦ ᠶᠢᠨ ᠳᠡᠭᠡᠳᠦ ᠴᠣᠯᠠ᠂ ᠣᠳᠣᠨ᠂ ᠮᠧᠳᠠᠯᠢ ᠪᠠᠷ ᠱᠠᠩᠨᠠᠯ᠎ᠠ᠃
ᠳᠡᠯᠭᠡᠴᠡ ᠶᠢᠨ ᠤᠷᠠᠯᠢᠭ ᠤᠨ ᠰᠠᠯᠪᠤᠷᠢ ᠳᠤ ᠬᠦᠴᠦᠨ ᠵᠢᠳᠬᠦᠵᠦ᠂ ᠻᠢᠨᠣ᠋ ᠪᠦᠲᠦᠭᠡᠯ ᠦᠳ ᠲᠥ ᠳᠦᠷᠢ ᠪᠡᠨ ᠮᠥᠩᠬᠡᠯᠡᠨ᠂ ᠣᠷᠴᠢᠭᠤᠯᠭ᠎ᠠ ᠶᠢᠨ ᠻᠢᠨᠣ᠋ ᠳᠤ ᠳᠠᠭᠤ ᠣᠷᠤᠭᠤᠯᠵᠤ ᠥᠪᠡᠷ ᠦᠨ ᠳᠦᠷᠢ᠂ ᠳᠠᠭᠤ ᠬᠣᠭᠤᠯᠠᠶ ᠪᠠᠷ ᠠᠷᠠᠳ ᠲᠦᠮᠡᠨ ᠳᠥ ᠪᠡᠨ ᠤᠷᠠᠨ ᠪᠦᠲᠦᠭᠡᠯ ᠢᠢᠡᠨ ᠲᠣᠯᠢᠯᠠᠭᠤᠯᠵᠤ᠂ ᠰᠣᠶᠣᠨ ᠭᠡᠭᠡᠷᠡᠭᠦᠯᠬᠦ ᠦᠢᠯᠡᠰ ᠲᠥ ᠦᠨ᠎ᠡ ᠲᠡᠢ ᠬᠤᠪᠢ ᠨᠡᠮᠡᠷᠢ ᠣᠷᠤᠭᠤᠯᠤᠭᠰᠠᠨ ᠡᠷᠬᠢᠮ ᠦᠳ ᠡᠨᠡ ᠡᠳᠦᠷ ᠬᠥᠳᠡᠯᠮᠦᠷᠢ ᠪᠡᠨ ᠦᠨᠡᠯᠡᠭᠦᠯᠦᠯᠡ᠃
ᠰᠣᠶᠤᠯ ᠤᠨ ᠭᠠᠪᠢᠢᠠᠲᠤ ᠵᠢᠳᠬᠦᠯᠲᠡᠨ ᠴᠣᠯᠠ ᠪᠠᠷ:
«ᠮᠣᠩ᠋ᠭᠤᠯ












