Та "Internet explorer"-ийн сүүлийн хувилбар болох "Microsoft edge"-г ашиглана уу

Хэрэв "Microsoft edge"-г татах бол энд дарж татаж авна уу

ᠬᠡᠯᠡᠭᠰᠡᠨ ᠦᠭᠡ
thumbnail 19.01.08 Friendship
19.01.08 Friendship
ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠵᠣᠨ ᠬᠣᠸᠠᠷᠳ᠋ ᠯᠠᠩᠲ᠋ᠷᠢ ᠢᠢ ᠨᠠᠢᠢᠷᠠᠮᠳᠠᠯ ᠮᠧᠳᠠᠯ ᠢᠶᠠᠷ ᠱᠠᠩᠨᠠᠪᠠ

ᠮᠣᠩ᠋ᠭᠣᠯ ᠤᠯᠤᠰ᠂ ᠠᠦᠢᠰᠲ᠋ᠷᠠᠯᠢᠶ᠎ᠠ ᠢᠢᠨ ᠬᠣᠯᠪᠣᠭᠠᠨ ᠤ ᠤᠯᠤᠰ ᠬᠣᠭᠣᠷᠣᠨᠳᠣ ᠢᠢᠨ ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠪᠣᠯᠤᠨ ᠮᠣᠩ᠋ᠭᠣᠯ ᠤᠯᠤᠰ ᠤᠨ ᠨᠡᠢᠢᠭᠡᠮ᠂ ᠡᠳ᠋ ᠍ ᠦᠨ ᠵᠠᠰᠠᠭ ᠲᠤ ᠣᠷᠣᠭᠤᠯᠤᠭᠰᠠᠨ ᠬᠤᠪᠢ ᠨᠡᠮᠡᠷᠢ ᠢᠢ ᠨᠢ ᠥᠨᠳᠦᠷ ᠢᠶᠡᠷ ᠦᠨᠡᠯᠡᠵᠦ᠂ ᠠᠦᠢᠰᠲ᠋ᠷᠠᠯᠢᠶ᠎ᠠ ᠤᠯᠤᠰ ᠠᠴᠠ ᠮᠣᠩ᠋ᠭᠣᠯ ᠤᠯᠤᠰ ᠲᠤ ᠰᠠᠭᠤᠭ᠎ᠠ ᠣᠨᠴᠠ ᠪᠥᠭᠡᠳ ᠪᠥᠷᠢᠨ ᠡᠷᠬᠡᠲᠦ ᠡᠯᠴᠢᠨ ᠰᠠᠢᠢᠳ ᠵᠣᠨ ᠬᠣᠸᠠᠷᠳ᠋ ᠯᠠᠩᠲ᠋ᠷᠢ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢᠨ ᠵᠠᠷᠯᠢᠭ ᠢᠶᠠᠷ ᠮᠣᠩ᠋ᠭᠣᠯ ᠤᠯᠤᠰ ᠤᠨ ᠲᠥᠷᠦ ᠢᠢᠨ ᠳᠡᠭᠡᠳᠦ ᠱᠠᠩᠨᠠᠯ ᠨᠠᠢᠢᠷᠠᠮᠳᠠᠯ ᠮᠧᠳᠠᠯ ᠢᠶᠠᠷ ᠱᠠᠩᠨᠠᠯ᠎ᠠ᠃

 

ᠱᠠᠩᠨᠠᠯ ᠢ ᠥᠨᠥᠳᠥᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ

thumbnail 19.01.04 Huuli
19.01.04 Huuli
ᠤᠯᠤᠰ ᠤᠨ ᠶᠡᠬᠡ ᠬᠤᠷᠠᠯ ᠤᠨ ᠴᠢᠭᠤᠯᠭᠠᠨ ᠤ ᠬᠤᠷᠠᠯᠳᠤᠭᠠᠨ ᠤ ᠳᠢᠭ ᠦᠨ ᠲᠤᠬᠠᠢ ᠬᠠᠤᠯᠢ ᠳᠤ ᠨᠡᠮᠡᠯᠲᠡ ᠣᠷᠣᠭᠤᠯᠬᠤ ᠲᠤᠬᠠᠢ ᠬᠠᠤᠯᠢ ᠢᠢᠨ ᠲᠥᠰᠦᠯ ᠢ ᠡᠷᠭᠦᠨ ᠪᠠᠷᠢᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠬᠤᠷᠠᠯᠳᠤᠭᠠᠨ ᠤ ᠳᠢᠭ᠌ ᠦᠨ ᠲᠤᠬᠠᠢ ᠬᠠᠤᠯᠢ ᠳᠤ ᠨᠡᠮᠡᠯᠲᠡ ᠣᠷᠣᠭᠤᠯᠬᠤ ᠲᠤᠬᠠᠢ ᠬᠠᠤᠯᠢ ᠢᠢᠨ ᠲᠥᠰᠦᠯ ᠢ ᠤᠯᠤᠰ ᠤᠨ ᠶᠡᠬᠡ ᠬᠤᠷᠠᠯ ᠤᠨ ᠳᠠᠷᠤᠭ᠎ᠠ ᠮ ∙ ᠡᠩᠬᠡᠪᠣᠯᠤᠳ ᠲᠤ ᠥᠨᠥᠳᠥᠷ ᠡᠷᠭᠦᠨ ᠪᠠᠷᠢᠪᠠ᠃

 

ᠡᠨᠡᠬᠦ ᠬᠠᠤᠯᠢ ᠢᠢᠨ ᠲᠥᠰᠥᠯ ᠨᠢ 2 ᠵᠦᠢᠯ ᠲᠡᠢ ᠪᠥᠭᠡᠳ 1  ᠳᠦᠭᠡᠷ ᠵᠦᠢᠯ ᠳᠥ ᠤᠯᠤᠰ ᠤᠨ ᠶᠡᠬᠡ ᠬᠤᠷᠠᠯ ᠤᠨ ᠭᠡᠰᠢᠭᠦᠳ ᠦᠨ ᠣᠯᠠᠩᠬᠢ ᠤᠯᠤᠰ ᠤᠨ ᠶᠡᠬᠡ ᠬᠤᠷᠠᠯ ᠤᠨ ᠳᠠᠷᠤᠭ᠎ᠠ ᠢᠢ ᠣᠭᠴᠣᠷᠠᠭᠤᠯᠬᠤ ᠲᠤᠬᠠᠢ ᠰᠠᠨᠠᠯ ᠢ ᠤᠯᠤᠰ ᠤᠨ ᠶᠡᠬᠡ ᠬᠤᠷᠠᠯ ᠳᠤ ᠠᠯᠪᠠᠨ ᠶᠣᠰᠣᠭᠠᠷ ᠲᠠᠯᠪᠢᠪᠠᠯ ᠨᠡᠩ

thumbnail 19.01.01 Greeting
19.01.01 Greeting
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠢᠢᠨ ᠰᠢᠨ᠎ᠡ ᠵᠢᠯ ᠦᠨ ᠮᠡᠨᠳᠦᠴᠢᠯᠡᠭᠡ

ᠮᠣᠩ᠋ᠭᠣᠯ ᠤᠯᠤᠰ ᠤᠨ ᠳᠥᠷᠪᠡᠨ ᠵᠦᠭ᠂ ᠨᠠᠢᠢᠮᠠᠨ ᠵᠣᠪᠬᠢᠰ ᠲᠤ ᠠᠮᠢᠳᠤᠷᠠᠨ ᠰᠠᠭᠤᠭ᠎ᠠ ᠬᠦᠨᠳᠦᠳᠦ ᠠᠷᠠᠳ ᠢᠷᠭᠡᠳ ᠡ᠂

ᠳᠠᠶᠠᠩ ᠳᠡᠯᠡᠬᠡᠢ ᠳᠥ ᠲᠠᠷᠬᠠᠨ ᠰᠠᠭᠤᠷᠢᠰᠢᠭ᠌ᠰᠠᠨ ᠮᠣᠩ᠋ᠭᠣᠯ ᠲᠤᠭᠤᠷᠭᠠᠲᠠᠨ ᠨᠤᠭᠤᠳ ᠠ᠋᠂

 

ᠣᠨ ᠰᠣᠯᠢᠭᠳᠠᠬᠤ ᠲᠣᠷᠭᠠᠨ ᠮᠥᠴᠡ ᠢᠷᠡᠯ᠎ᠡ᠃ ᠮᠣᠩ᠋ᠭᠣᠯᠴᠤᠳ ᠪᠢᠳᠡ ᠭᠤᠷᠪᠠ ᠳᠠᠬᠢ ᠮᠢᠩ᠋ᠭᠠᠨ ᠤ ᠠᠷᠪᠠᠨ ᠨᠠᠢᠢᠮᠠ ᠳᠠᠬᠢ ᠣᠨ ᠢᠶᠠᠨ ᠦᠳᠡᠵᠦ᠂ ᠢᠷᠡᠭᠡᠳᠦᠢ ᠪᠡᠨ ᠳᠠᠷᠬᠠᠯᠠᠨ ᠪᠦᠲᠦᠭᠡᠬᠦ 2019 ᠣᠨ ᠢ ᠤᠭᠲᠤᠵᠤ ᠪᠠᠢᠢᠨ᠎ᠠ᠃

 

ᠤᠯᠠᠷᠢᠨ ᠣᠳᠴᠤ ᠪᠤᠢ 2018 ᠣᠨ ᠳᠤ ᠪᠢᠳᠡ ᠤᠯᠤᠰ ᠲᠥᠷᠥ ᠡᠳ᠋ ᠍ ᠦᠨ ᠵᠠᠰᠠᠭ ᠤᠨ ᠠᠮᠠᠷ ᠦᠭᠡᠢ ᠰᠣᠷᠢᠯᠲᠠ᠂ ᠰᠢᠯᠭᠠᠭᠤᠷ ᠢ ᠳᠠᠪᠠᠨ ᠲᠤᠭᠤᠯᠵᠤ᠂ ᠢᠲᠡᠭᠡᠯᠴᠡᠯ᠂ ᠡᠪ ᠨᠢᠭᠡᠳᠦᠯ ᠢᠶᠡᠨ ᠪᠠᠲᠤᠳᠬᠠᠭᠰᠠᠨ ᠵᠢᠯ ᠪᠣᠯᠤᠯ᠎ᠠ᠃ ᠮᠣᠩ᠋ᠭᠣᠯ ᠤᠯᠤᠰ ᠤᠨ

thumbnail 19.01.01 Hospital
19.01.01 Hospital
ᠤᠯᠤᠰ ᠤᠨ ᠬᠡᠮᠵᠢᠶᠡᠨ ᠳᠥ ᠣᠨ ᠰᠣᠯᠢᠭᠳᠠᠬᠤ ᠮᠥᠴᠡ ᠳᠥ 39 ᠬᠦᠥ᠂ 36 ᠦᠬᠢᠨ ᠮᠡᠨᠳᠦᠯᠡᠵᠡᠢ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠢᠨ᠎ᠡ ᠣᠨ ᠤ ᠡᠬᠢᠨ ᠦ ᠡᠳᠦᠷ ᠨᠡᠢᠢᠰᠯᠡᠯ ᠦᠨ ᠥᠷᠭᠦᠭᠡ ᠠᠮᠤᠷᠵᠢᠬᠤ ᠭᠠᠵᠠᠷ ᠪᠤᠶᠤ ᠤᠤᠭᠠᠨ ᠲᠥᠷᠥᠬᠦ ᠡᠮᠨᠡᠯᠭᠡ ᠳᠥ ᠣᠴᠢᠵᠤ᠂ ᠣᠨ ᠰᠣᠯᠢᠭᠳᠠᠬᠤ ᠰᠥᠨᠢ ᠠᠮᠤᠷᠵᠢᠭᠰᠠᠨ ᠡᠬᠡᠴᠦᠳ ᠪᠣᠯᠤᠨ ᠡᠮᠨᠡᠯᠭᠡ ᠢᠢᠨ ᠠᠵᠢᠯᠴᠢᠳ ᠲᠤ ᠰᠢᠨ᠎ᠡ ᠣᠨ ᠤ ᠮᠡᠨᠳᠦ ᠳᠡᠪᠰᠢᠭᠦᠯᠦᠯ᠎ᠡ᠃

 

ᠨᠡᠢᠢᠰᠯᠡᠯ ᠦᠨ ᠥᠷᠭᠦᠭᠡ ᠠᠮᠤᠷᠵᠢᠬᠤ ᠭᠠᠵᠠᠷ ᠲᠤ 2019 ᠣᠨ ᠭᠠᠷᠤᠭᠰᠠᠭᠠᠷ 13 ᠡᠬᠡ ᠠᠮᠤᠷᠵᠢᠭᠰᠠᠨ ᠪᠠᠢᠢᠨ᠎ᠠ᠃ ᠬᠠᠷᠢᠨ ᠤᠯᠤᠰ ᠤᠨ ᠬᠡᠮᠵᠢᠶᠡᠨ ᠳᠥ 00᠄00 ᠴᠠᠭ ᠠᠴᠠ ᠬᠣᠢᠢᠰᠢ 75 ᠬᠡᠦᠬᠡᠳ ᠮᠡᠨᠳᠦᠯᠡᠭᠰᠡᠨ ᠦ 39 ᠨᠢ ᠬᠦᠦ᠂ 36 ᠨᠢ ᠥᠬᠢᠨ ᠪᠠᠢᠢᠵᠠᠢ᠃

 

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙

thumbnail 18.12.29 Turuu1
18.12.29 Turuu1
ᠮᠣᠩ᠋ᠭᠣᠯ ᠤᠯᠤᠰ ᠤᠨ ᠬᠠᠷᠴᠠᠭ᠎ᠠ ᠣᠷᠭᠢᠬᠤ ᠢᠢᠨ ᠬᠠᠩ᠋ᠭᠠᠢ ᠶᠡᠷᠦᠩᠬᠡᠢᠢᠯᠡᠭᠴᠢ ᠢᠢᠨ ᠨᠡᠷᠡᠮᠵᠢᠲᠦ ᠴᠣᠮᠣ ᠢᠢᠨ ᠡᠵᠡᠨ ᠪᠣᠯᠤᠯ᠎ᠠ

ᠮᠣᠩ᠋ᠭᠣᠯᠴᠤᠳ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 107 ᠵᠢᠯ ᠦᠨ ᠣᠢ ᠢᠢᠨ ᠡᠳᠦᠷ ᠲᠥ ᠵᠣᠷᠢᠭᠤᠯᠤᠭᠰᠠᠨ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠴᠣᠮᠣ ᠢᠢᠨ ᠲᠥᠯᠦᠭᠡᠬᠢ ᠴᠢᠨᠰᠠᠭ᠎ᠠ ᠥᠨᠳᠥᠷ᠂ ᠰᠢᠭᠰᠢᠮᠡᠯ 128 ᠪᠥᠬᠡ ᠢᠢᠨ ᠪᠠᠷᠢᠯᠳᠤᠭᠠᠨ ᠳᠤ ᠬᠣᠪᠳᠣ ᠠᠢᠢᠮᠠᠭ ᠤᠨ ᠪᠤᠶᠠᠨᠲᠤ ᠰᠤᠮᠤ ᠢᠢᠨ ᠬᠠᠷᠢᠶᠠᠲᠤ ᠮᠣᠩ᠋ᠭᠣᠯ ᠤᠯᠤᠰ ᠤᠨ ᠬᠠᠷᠴᠠᠭ᠎ᠠ ᠣᠷᠭᠢᠬᠤ ᠢᠢᠨ ᠬᠠᠩ᠋ᠭᠠᠢ ᠳᠣᠯᠣᠭ᠎ᠠ ᠲᠠᠪᠠᠨ ᠲᠦᠷᠦᠭᠦᠯᠡᠵᠦ᠂ ᠤᠪᠰᠤ ᠠᠢᠢᠮᠠᠭ ᠤᠨ ᠬᠣᠪᠳᠣ ᠰᠤᠮᠤ ᠢᠢᠨ ᠬᠠᠷᠢᠶᠠᠲᠤ ᠪᠥᠬᠡ᠂ ᠮᠣᠩ᠋ᠭᠣᠯ ᠤᠯᠤᠰ ᠤᠨ ᠠᠪᠤᠷᠭᠤ ᠨᠠᠮᠰᠠᠷᠠᠢᠢᠵᠠᠪ ᠤᠨ ᠪᠠᠲᠤᠰᠠᠭᠤᠷᠢ ᠦᠵᠦᠭᠦᠷᠯᠡᠯ᠎ᠡ᠃

 

ᠶᠡᠷᠦᠩᠬᠡᠢᠢᠯᠡᠭᠴᠢ ᠢᠢᠨ ᠨᠡᠷᠡᠮᠵᠢᠲᠦ ᠴᠣᠮᠣ ᠭᠠᠷᠳᠠᠭᠤᠯᠬᠤ ᠲᠤᠬᠠᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢ ᠮᠣᠩ᠋ᠭᠣᠯ ᠤᠯᠤᠰ ᠤᠨ

thumbnail 18.12.29 Bukh
18.12.29 Bukh
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠴᠢᠨᠰᠠᠭ᠎ᠠ ᠥᠨᠳᠥᠷ 128 ᠪᠥᠬᠡ ᠢᠢᠨ ᠪᠠᠷᠢᠯᠳᠤᠭᠠᠨ ᠢ ᠨᠡᠭᠡᠭᠡᠵᠦ ᠦᠭᠡ ᠬᠡᠯᠡᠯ᠎ᠡ

ᠮᠣᠩ᠋ᠭᠣᠯᠴᠤᠳ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 107 ᠵᠢᠯ ᠦᠨ ᠣᠢ ᠢᠢᠨ ᠪᠠᠶᠠᠷ ᠤᠨ ᠡᠳᠦᠷ ᠲᠥ ᠵᠣᠷᠢᠭᠤᠯᠤᠭᠰᠠᠨ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠴᠣᠮᠣ ᠢᠢᠨ ᠲᠥᠯᠦᠭᠡᠬᠢ ᠴᠢᠨᠰᠠᠭ᠎ᠠ ᠥᠨᠳᠥᠷ 128 ᠰᠢᠭᠰᠢᠮᠡᠯ ᠪᠥᠬᠡ ᠢᠢᠨ ᠪᠠᠷᠢᠯᠳᠤᠭᠠᠨ ᠥᠨᠥᠳᠥᠷ 《ᠪᠤᠶᠠᠨᠲᠤ ᠬᠤᠸᠠ》 ᠰᠫᠣᠷᠲ ᠴᠣᠭᠴᠠᠯᠠᠪᠤᠷᠢ ᠳᠤ ᠪᠣᠯᠤᠯ᠎ᠡ᠃

 

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠮᠣᠩ᠋ᠭᠣᠯ ᠤᠨ ᠪᠥᠬᠡ ᠢᠢᠨ ᠬᠣᠯᠪᠣᠭᠠᠨ ᠠᠴᠠ ᠬᠠᠮᠲᠤᠷᠠᠨ ᠵᠣᠬᠢᠶᠠᠨ ᠪᠠᠢᠢᠭᠤᠯᠵᠤ ᠪᠤᠢ ᠴᠢᠨᠰᠠᠭ᠎ᠠ ᠥᠨᠳᠥᠷ ᠰᠢᠭᠰᠢᠮᠡᠯ 128 ᠪᠥᠬᠡ ᠢᠢᠨ ᠡᠨᠡ ᠤᠳᠠᠭ᠎ᠠ ᠢᠢᠨ ᠪᠠᠷᠢᠯᠳᠤᠭᠠᠨ ᠢ ᠨᠡᠭᠡᠭᠡᠵᠦ ᠮᠣᠩ᠋ᠭᠣᠯ ᠤᠯᠤᠰ ᠤᠨ ᠶᠡᠷᠦᠩᠬᠡᠢᠢᠯᠡᠭᠴᠢ

thumbnail 18.12.29 Hushuu
18.12.29 Hushuu
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠴᠢᠩᠭᠢᠰ ᠬᠠᠭᠠᠨ ᠤ ᠬᠥᠰᠢᠶᠡᠨ ᠳᠥ ᠬᠦᠨᠳᠦᠳᠬᠡᠯ ᠦᠵᠡᠭᠦᠯᠪᠡ

ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 107 ᠵᠢᠯ ᠦᠨ ᠣᠢ ᠢᠢᠨ ᠡᠳᠦᠷ ᠢ ᠲᠣᠬᠢᠶᠠᠯᠳᠤᠭᠤᠯᠤᠨ ᠥᠨᠥᠳᠥᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠶᠡᠬᠡ ᠡᠵᠡᠨ ᠴᠢᠩᠭᠢᠰ ᠬᠠᠭᠠᠨ ᠤ ᠬᠥᠰᠢᠶᠡᠨ ᠳᠥ ᠬᠦᠨᠳᠦᠳᠬᠡᠯ ᠦᠵᠡᠭᠦᠯᠦᠯ᠎ᠡ᠃

 

ᠶᠡᠬᠡ ᠡᠵᠡᠨ ᠴᠢᠩᠭᠢᠰ ᠬᠠᠭᠠᠨ ᠤ ᠬᠥᠰᠢᠶᠡᠨ ᠳᠥ ᠬᠦᠨᠳᠦᠳᠬᠡᠯ ᠦᠵᠡᠭᠦᠯᠬᠦ ᠶᠣᠰᠣᠯᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠤᠯᠤᠰ ᠤᠨ ᠶᠡᠬᠡ ᠬᠤᠷᠠᠯ ᠤᠨ ᠳᠠᠷᠤᠭ᠎ᠠ ᠮ ∙ ᠡᠩᠬᠡᠪᠣᠯᠤᠳ᠂ ᠶᠡᠷᠦᠩᠬᠡᠢ ᠰᠠᠢᠢᠳ ᠤ᠊ ∙ ᠬᠦᠷᠦᠯᠰᠦ᠋ᠬᠡ ᠪᠣᠯᠤᠨ ᠢᠷᠭᠡᠳ ᠦᠨ ᠲᠥᠯᠥᠭᠡᠯᠡᠯ ᠤᠷᠤᠯᠴᠠᠪᠠ᠃

thumbnail 18.12.29 Soyorkhol
18.12.29 Soyorkhol
《ᠮᠣᠩ᠋ᠭᠣᠯ ᠤᠨ ᠭᠧᠣᠯᠣᠭᠢ ᠪᠠ ᠠᠰᠢᠭᠲᠤ ᠮᠠᠯᠲᠠᠮᠠᠯ》 ᠬᠡᠮᠡᠬᠦ 8 ᠪᠣᠲᠢ ᠪᠦᠲᠦᠭᠡᠯ ᠳᠥ ᠲᠥᠷᠥ ᠢᠢᠨ ᠰᠣᠶᠣᠷᠬᠠᠯ ᠬᠦᠷᠲᠡᠭᠡᠯ᠎ᠡ

ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 107 ᠵᠢᠯ ᠦᠨ ᠣᠢ ᠢᠢᠨ ᠡᠨᠡ ᠡᠳᠦᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠵᠠᠷᠯᠢᠭ ᠭᠠᠷᠭᠠᠵᠤ 《ᠮᠣᠩ᠋ᠭᠣᠯ ᠤᠨ ᠭᠧᠣᠯᠣᠭᠢ ᠪᠠ ᠠᠰᠢᠭᠲᠤ ᠮᠠᠯᠲᠠᠮᠠᠯ》 ᠬᠡᠮᠡᠬᠦ 8 ᠪᠣᠲᠢ ᠪᠦᠲᠦᠭᠡᠯ ᠳᠥ ᠲᠥᠷᠥ ᠢᠢᠨ ᠰᠣᠶᠣᠷᠬᠠᠯ ᠬᠦᠷᠲᠡᠭᠡᠯ᠎ᠡ᠃

 

ᠲᠥᠷᠥ ᠢᠢᠨ ᠰᠣᠶᠣᠷᠬᠠᠯ ᠬᠦᠷᠲᠡᠭᠡᠬᠦ ᠶᠣᠰᠣᠯᠠᠯ ᠥᠨᠥᠳᠥᠷ ᠲᠥᠷᠥ ᠢᠢᠨ ᠣᠷᠳᠣᠨ ᠤ ᠶᠢᠰᠦᠨ ᠬᠥᠯᠲᠦ᠂ ᠴᠠᠭᠠᠨ ᠲᠤᠭᠲᠤ ᠲᠠᠩᠬᠢᠮ ᠳᠤ ᠪᠣᠯᠵᠤ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠮᠣᠩ᠋ᠭᠣᠯ ᠤᠨ ᠭᠧᠣᠯᠣᠭᠢ ᠪᠠ ᠠᠰᠢᠭᠲᠤ ᠮᠠᠯᠲᠠᠮᠠᠯ》 ᠬᠡᠮᠡᠬᠦ 8 ᠪᠣᠲᠢ ᠪᠦᠲᠦᠭᠡᠯ ᠢ ᠲᠤᠭᠤᠷᠪᠢᠬᠤ ᠳᠤ

thumbnail 18.12.28 Diplomat
18.12.28 Diplomat
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠳ᠋ᠢᠫᠯᠣᠮᠠᠲ ᠴᠣᠯᠠ ᠣᠯᠭᠤᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠳ᠋ᠢᠫᠯᠣᠮᠠᠲ ᠴᠣᠯᠠ ᠣᠯᠭᠣᠬᠤ ᠲᠤᠬᠠᠢ》 ᠵᠠᠷᠯᠢᠭ ᠭᠠᠷᠭᠠᠵᠤ᠂ ᠭᠠᠳᠠᠭᠠᠳᠤ ᠬᠠᠷᠢᠯᠴᠠᠭᠠᠨ ᠤ ᠰᠠᠯᠪᠤᠷᠢ ᠳᠤ ᠣᠯᠠᠨ ᠵᠢᠯ ᠦᠷ᠎ᠡ ᠪᠦᠲᠦᠭᠡᠯ᠂ ᠢᠳᠡᠪᠬᠢ ᠰᠠᠨᠠᠭᠠᠴᠢᠯᠭ᠎ᠠ ᠲᠠᠢ ᠠᠵᠢᠯᠯᠠᠵᠤ᠂ ᠭᠠᠳᠠᠭᠠᠳᠤ ᠪᠣᠳᠣᠯᠭ᠎ᠠ ᠢᠢᠨ ᠲᠡᠷᠢᠭᠦᠯᠡᠬᠦ ᠵᠣᠷᠢᠯᠲᠠ ᠨᠤᠭᠤᠳ ᠢ ᠬᠡᠷᠡᠭᠵᠢᠭᠦᠯᠬᠦ ᠳᠥ ᠣᠷᠣᠭᠤᠯᠤᠭᠰᠠᠨ ᠪᠣᠳᠠᠲᠤ ᠬᠤᠪᠢ ᠨᠡᠮᠡᠷᠢ ᠢᠢ ᠥᠨᠳᠥᠷ ᠢᠶᠡᠷ ᠦᠨᠡᠯᠡᠵᠦ᠄

 

ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠴᠣᠯᠠ ᠢᠢ

ᠮᠣᠩ᠋ᠭᠣᠯ ᠤᠯᠤᠰ ᠠᠴᠠ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠣᠰ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠯᠣᠳᠤᠢᠢᠳᠠᠮᠪᠠ ᠢᠢᠨ ᠭᠠᠯᠪᠠᠳᠠᠷᠠᠬᠤ

ᠤᠯᠤᠰ ᠤᠨ ᠶᠡᠬᠡ ᠬᠤᠷᠠᠯ ᠤᠨ ᠭᠡᠰᠢᠭᠦᠨ᠂ ᠭᠠᠳᠠᠭᠠᠳᠤ ᠬᠠᠷᠢᠯᠴᠠᠭᠠᠨ ᠤ ᠰᠠᠢᠢᠳ