Та "Internet explorer"-ийн сүүлийн хувилбар болох "Microsoft edge"-г ашиглана уу

Хэрэв "Microsoft edge"-г татах бол энд дарж татаж авна уу

ᠬᠡᠯᠡᠭᠰᠡᠨ ᠦᠭᠡ
thumbnail 2026.04.03 Hawsran suuh ES nar Itgemjleh juuh bichgee urgun barilaa 1
2026.04.03 Hawsran suuh ES nar Itgemjleh juuh bichgee urgun barilaa 1
ᠬᠠᠪᠰᠤᠷᠤᠨ ᠰᠠᠭᠤᠬᠤ ᠡᠯᠴᠢᠨ ᠰᠠᠢᠢᠳ ᠨᠠᠷ ᠢᠲᠡᠬᠡᠮᠵᠢᠯᠡᠬᠦ ᠵᠢᠭᠤᠬᠤ ᠪᠢᠴᠢᠭ ᠢᠶᠡᠨ ᠡᠷᠭᠦᠨ ᠪᠠᠷᠢᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳᠥ ᠭᠠᠳᠠᠭᠠᠳᠤ ᠢᠢᠨ ᠣᠷᠤᠨ ᠨᠤᠭᠤᠳ ᠠᠴᠠ ᠮᠣᠩ᠋ᠭᠣᠯ ᠤᠯᠤᠰ ᠲᠤ ᠬᠠᠪᠰᠤᠷᠤᠨ ᠰᠠᠭᠤᠬᠤ ᠡᠯᠴᠢᠨ ᠰᠠᠢᠢᠳ ᠤᠳ ᠢᠲᠡᠬᠡᠮᠵᠢᠯᠡᠬᠦ ᠵᠢᠭᠤᠬᠤ ᠪᠢᠴᠢᠭ᠌ ᠢᠶᠡᠨ ᠡᠷᠭᠦᠨ ᠪᠠᠷᠢᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠳᠥ:

ᠪᠦᠭᠦᠳᠡ ᠨᠠᠢᠢᠷᠠᠮᠳᠠᠬᠤ ᠭᠷᠧᠻ ᠤᠯᠤᠰ ᠤᠨ ᠡᠯᠴᠢᠨ ᠰᠠᠢᠢᠳ ᠧᠸᠭᠧᠨᠢᠣᠰ ᠳ᠋ᠢᠮᠢᠲ᠋ᠷᠢᠣᠰ ᠻᠠᠯᠫᠢᠷᠢᠰ᠂

ᠪᠦᠭᠦᠳᠡ ᠨᠠᠢᠢᠷᠠᠮᠳᠠᠬᠤ ᠲᠦᠨᠢᠰᠢᠶ᠎ᠠ ᠤᠯᠤᠰ ᠤᠨ ᠡᠯᠴᠢᠨ ᠰᠠᠢᠢᠳ ᠠᠳᠧᠯ ᠧᠯᠠᠷᠪᠢ᠂

ᠳ᠋ᠣᠮᠢᠨᠢᠻᠠᠨ ᠤ ᠪᠦᠭᠦᠳᠡ ᠨᠠᠢᠢᠷᠠᠮᠳᠠᠬᠤ ᠤᠯᠤᠰ ᠤᠨ ᠡᠯᠴᠢᠨ ᠰᠠᠢᠢᠳ ᠠᠯᠧᠾᠠᠨ᠋ᠳ᠋ᠷᠣ᠋ ᠠᠷᠢᠠᠰ ᠽᠠᠷᠽᠦ᠋ᠸᠧᠯᠠ᠂

ᠢᠰᠫᠠᠨᠢ ᠢᠢᠨ ᠬᠠᠭᠠᠨᠲᠤ ᠤᠯᠤᠰ ᠤᠨ ᠡᠯᠴᠢᠨ ᠰᠠᠢᠢᠳ ᠮᠠᠷᠲ᠋ᠠ ᠪᠧᠲ᠋ᠠᠨ᠋ᠽᠣᠰ ᠷᠣᠢ᠂

ᠳ᠋ᠧᠨ᠋ᠮᠠᠷᠻ ᠤᠨ ᠬᠠᠭᠠᠨᠲᠤ ᠤᠯᠤᠰ ᠤᠨ ᠡᠯᠴᠢᠨ ᠰᠠᠢᠢᠳ ᠰᠲ᠋ᠠᠷᠪᠧᠻ ᠻᠷᠢᠰᠲ᠋ᠧᠨ᠋ᠰᠧᠨ᠎ ᠨᠠᠷ ᠢᠲᠡᠬᠡᠮᠵᠢᠯᠡᠬᠦ ᠵᠢᠭᠤᠬᠤ

thumbnail 2026.04.03 Kirgiz Ulsiin ES Itgemjleh juuh bichgee urgun barilaa 1
2026.04.03 Kirgiz Ulsiin ES Itgemjleh juuh bichgee urgun barilaa 1
ᠻᠢᠷᠭᠢᠽ ᠤᠯᠤᠰ ᠤᠨ ᠡᠯᠴᠢᠨ ᠰᠠᠢᠢᠳ ᠢᠲᠡᠬᠡᠮᠵᠢᠯᠡᠬᠦ ᠵᠢᠭᠤᠬᠤ ᠪᠢᠴᠢᠭ ᠢᠶᠡᠨ ᠡᠷᠭᠦᠨ ᠪᠠᠷᠢᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳᠥ ᠪᠦᠭᠦᠳᠡ ᠨᠠᠢᠢᠷᠠᠮᠳᠠᠬᠤ ᠻᠢᠷᠭᠢᠽ ᠤᠯᠤᠰ ᠠᠴᠠ ᠮᠣᠩ᠋ᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠠᠢᠢᠪᠧᠻ ᠮᠣᠯᠳᠣᠭᠠᠽᠢᠶᠧᠸ ᠢᠲᠡᠬᠡᠮᠵᠢᠯᠡᠬᠦ ᠵᠢᠭᠤᠬᠤ ᠪᠢᠴᠢᠭ᠌ ᠢᠶᠡᠨ ᠡᠷᠭᠦᠨ ᠪᠠᠷᠢᠯ᠎ᠠ᠃

ᠶᠡᠷᠦᠩᠬᠡᠢᠢᠯᠡᠭᠴᠢ ᠤ·ᠬᠦᠷᠡᠯᠰᠦ᠋ᠬᠡ ᠡᠯᠴᠢᠨ ᠰᠠᠢᠢᠳ ᠢ ᠡᠭᠦᠷᠭᠡᠲᠦ ᠠᠵᠢᠯ ᠳᠤ ᠪᠠᠨ ᠣᠷᠤᠵᠤ ᠪᠠᠢᠢᠭᠠᠳ ᠪᠠᠶᠠᠷ ᠬᠦᠷᠭᠡᠵᠦ᠂ ᠠᠮᠵᠢᠯᠲᠠ ᠬᠦᠰᠡᠨ ᠢᠷᠦᠭᠡᠯ᠎ᠡ᠃

ᠬᠣᠶᠠᠷ ᠣᠷᠤᠨ ᠤ ᠤᠯᠠᠮᠵᠢᠯᠠᠯᠲᠤ ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠥᠷᠭᠡᠵᠢᠨ ᠲᠡᠯᠡᠵᠦ᠂ ᠡᠳ᠋ ᠦᠨ ᠵᠠᠰᠠᠭ ᠤᠨ ᠠᠭᠤᠯᠭ᠎ᠠ ᠪᠠᠷ ᠪᠠᠶᠠᠵᠢᠵᠤ ᠪᠠᠢᠢᠭ᠎ᠠ ᠢᠢ ᠲᠡᠮᠳᠡᠭᠯᠡᠪᠡ᠃

ᠳᠡᠭᠡᠳᠦ᠂ ᠥᠨᠳᠦᠷ ᠲᠥᠪᠰᠢᠨ ᠦ ᠬᠠᠷᠢᠯᠴᠠᠨ ᠠᠢᠢᠯᠴᠢᠯᠠᠯ ᠪᠣᠯᠵᠤ᠂ ᠶᠠᠷᠢᠶ᠎ᠠ ᠬᠡᠯᠡᠯᠴᠡᠭᠡ ᠢᠳᠡᠪᠬᠢᠵᠢᠭᠰᠡᠨ ᠨᠢ

thumbnail 2026.03.30 Uchraliig MUYS-aar tomiloh sanaliig Turiin baiguullagiin baingiin horoond taniltsuullaa 1
2026.03.30 Uchraliig MUYS-aar tomiloh sanaliig Turiin baiguullagiin baingiin horoond taniltsuullaa 1
ᠨᠢᠮ᠎ᠠ-ᠣᠰᠣᠷ ᠤᠨ ᠤᠴᠠᠷᠠᠯ ᠢ ᠮᠣᠩ᠋ᠭᠣᠯ ᠤᠯᠤᠰ ᠤᠨ ᠶᠡᠷᠦᠩᠬᠡᠢ ᠰᠠᠢᠢᠳ ᠢᠶᠠᠷ ᠲᠣᠮᠢᠯᠠᠬᠤ ᠰᠠᠨᠠᠯ ᠢ ᠲᠥᠷᠦ ᠢᠢᠨ ᠪᠠᠢᠢᠭᠤᠯᠤᠯᠲᠠ ᠢᠢᠨ ᠪᠠᠢᠢᠩ᠋ᠭᠤ ᠢᠢᠨ ᠬᠣᠷᠢᠶᠠᠨ ᠤ ᠬᠤᠷᠠᠯᠳᠤᠭᠠᠨ ᠳᠤ ᠣᠷᠤᠯᠴᠠᠭᠰᠠᠨ ᠒᠔ ᠭᠡᠰᠢᠭᠦᠨ ᠦ ᠙᠕·᠘ ᠬᠤᠪᠢ ᠨᠢ ᠳᠡᠮᠵᠢᠯ᠎ᠡ

ᠨᠢᠮ᠎ᠠ-ᠣᠰᠣᠷ ᠤᠨ ᠤᠴᠠᠷᠠᠯ ᠢ ᠮᠣᠩ᠋ᠭᠣᠯ ᠤᠯᠤᠰ ᠤᠨ ᠶᠡᠷᠦᠩᠬᠡᠢ ᠰᠠᠢᠢᠳ ᠢᠶᠠᠷ ᠲᠣᠮᠢᠯᠠᠭᠤᠯᠬᠤ ᠲᠤᠬᠠᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠰᠠᠨᠠᠯ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠠ᠊·ᠦᠢᠯᠡᠰᠲᠡᠭᠦᠯᠳᠡᠷ ᠲᠥᠷᠦ ᠢᠢᠨ ᠪᠠᠢᠢᠭᠤᠯᠤᠯᠲᠠ ᠢᠢᠨ ᠪᠠᠢᠢᠩ᠋ᠭᠤ ᠢᠢᠨ ᠬᠣᠷᠢᠶᠠᠨ ᠤ ᠬᠤᠷᠠᠯᠳᠤᠭᠠᠨ ᠳᠤ ᠲᠠᠨᠢᠯᠴᠠᠭᠤᠯᠤᠯ᠎ᠠ᠃

ᠨᠢᠮ᠎ᠠ-ᠣᠰᠣᠷ ᠤᠨ ᠤᠴᠠᠷᠠᠯ ᠢ ᠮᠣᠩ᠋ᠭᠣᠯ ᠤᠯᠤᠰ ᠤᠨ ᠶᠡᠷᠦᠩᠬᠡᠢ ᠰᠠᠢᠢᠳ ᠲᠤ ᠨᠡᠷ᠎ᠡ ᠳᠡᠪᠰᠢᠭᠦᠯᠬᠦ ᠰᠠᠨᠠᠯ ᠢ ᠒᠐᠒᠖ ᠣᠨ ᠤ ᠭᠤᠷᠪᠠᠳ᠋ᠤᠭᠠᠷ ᠰᠠᠷ᠎ᠠ ᠢᠢᠨ ᠒᠙ ᠤ ᠡᠳᠦᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠳᠥ ᠢᠷᠡᠭᠦᠯᠦᠭᠰᠡᠨ ᠪᠠᠢᠢᠨ᠎ᠠ᠃

ᠮᠣᠩ᠋ᠭᠣᠯ ᠤᠯᠤᠰ ᠤᠨ ᠦᠨᠳᠦᠰᠦᠨ ᠬᠠᠤᠯᠢ ᠢᠢᠨ ᠭᠤᠴᠢᠨ ᠶᠢᠰᠦ᠊ᠳ᠋ᠦᠭᠡᠷ ᠵᠦᠢᠯ ᠳᠥ᠂

• ᠤᠯᠤᠰ ᠤᠨ ᠶᠡᠬᠡ ᠬᠤᠷᠠᠯ ᠳᠤ ᠣᠯᠠᠩᠬᠢ ᠰᠠᠭᠤᠳᠠᠯ ᠠᠪᠤᠭᠰᠠᠨ ᠨᠠᠮ᠂ ᠡᠪᠰᠡᠯ ᠡᠴᠡ ᠨᠡᠷ᠎ᠡ ᠳᠡᠪᠰᠢᠭᠦᠯᠦᠭᠰᠡᠨ

thumbnail 2026.03.30 Mergejliin bolowsrol, surgaltiin baiguullagiig buh talaar demjine 1
2026.03.30 Mergejliin bolowsrol, surgaltiin baiguullagiig buh talaar demjine 1
ᠮᠡᠷᠭᠡᠵᠢᠯ ᠦᠨ ᠪᠣᠯᠪᠠᠰᠤᠷᠠᠯ᠂ ᠰᠤᠷᠭᠠᠯᠲᠠ ᠢᠢᠨ ᠪᠠᠢᠢᠭᠤᠯᠤᠯᠭ᠎ᠠ ᠢᠢ ᠪᠦᠬᠦ ᠲᠠᠯ᠎ᠠ ᠪᠠᠷ ᠳᠡᠮᠵᠢᠨ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠷᠠᠵᠢᠸ ᠭᠠᠨᠳᠢ ᠢᠢᠨ ᠨᠡᠷᠡᠮᠵᠢᠲᠦ «ᠦᠢᠯᠡᠳᠪᠦᠷᠢᠯᠡᠯ ᠤᠷᠠᠯᠠᠯ ᠤᠨ ᠫᠣᠯᠢᠲ᠋ᠧᠺᠨᠢᠭ ᠻᠣᠯᠯᠧᠵᠢ»᠂ «ᠮᠣᠩ᠋ᠭᠣᠯ-ᠰᠣᠯᠤᠩ᠋ᠭᠤᠰ ᠤᠨ ᠫᠣᠯᠢᠲ᠋ᠧᠺᠨᠢᠭ ᠻᠣᠯᠯᠧᠵᠢ» ᠳ᠋ᠤ ᠠᠵᠢᠯᠯᠠᠯ᠎ᠠ᠃

ᠲᠡᠷᠡ ᠪᠡᠷ ᠤᠯᠤᠰ ᠣᠷᠤᠨ ᠳᠤ ᠨᠡᠩ ᠱᠠᠭᠠᠷᠳᠠᠯᠭ᠎ᠠ ᠲᠠᠶ ᠪᠠᠢᠢᠭ᠎ᠠ ᠮᠡᠷᠭᠡᠵᠢᠯ ᠲᠡᠶ ᠠᠵᠢᠯᠯᠠᠬᠤ ᠬᠦᠴᠦᠨ ᠪᠡᠯᠡᠳᠬᠡᠵᠦ᠂ ᠮᠡᠷᠭᠡᠰᠢᠭᠦᠯᠵᠦ ᠪᠠᠢᠢᠭ᠎ᠠ ᠬᠠᠮᠲᠤ ᠣᠯᠠᠨ ᠳᠤ ᠲᠠᠯᠠᠷᠬᠠᠯ ᠢᠯᠡᠷᠬᠡᠢᠢᠯᠡᠵᠦ᠂ ᠮᠡᠷᠭᠡᠵᠢᠯ ᠦᠨ ᠪᠣᠯᠤᠨ ᠲᠧᠺᠨᠢᠭ ᠦᠨ ᠪᠣᠯᠪᠠᠰᠤᠷᠠᠯ᠂ ᠰᠤᠷᠭᠠᠯᠲᠠ ᠢᠢᠨ ᠪᠠᠢᠢᠭᠤᠯᠤᠯᠭ᠎ᠠ ᠢᠢ ᠪᠦᠬᠦ ᠲᠠᠯ᠎ᠠ ᠪᠠᠷ ᠳᠡᠮᠵᠢᠨ᠎ᠡ ᠭᠡᠳᠡᠭ ᠢᠶᠡᠨ ᠬᠡᠯᠡᠯ᠎ᠡ᠃

ᠮᠥᠨ ᠣᠶᠤᠲᠠᠨ ᠨᠤᠭᠤᠳ ᠢ ᠥᠨᠳᠦᠷ ᠤᠷ᠎ᠠ ᠴᠢᠳᠠᠪᠤᠷᠢ ᠡᠵᠡᠮᠰᠢᠨ᠂ ᠦᠨᠳᠦᠰᠦᠨ ᠦ ᠬᠡᠮᠵᠢᠶᠡᠨ ᠦ ᠮᠧᠭ᠎ᠠ ᠲᠥᠰᠦᠯ᠂ ᠬᠥᠲᠦᠯᠪᠦᠷᠢ᠂ ᠲᠡᠭᠦᠨ ᠦ ᠳᠣᠲᠤᠷ᠎ᠠ «ᠲᠡᠷᠪᠤᠮ ᠮᠣᠳᠤ»᠂ «ᠴᠠᠭᠠᠨ ᠠᠯᠲᠠ»᠂ «ᠬᠦᠨᠡᠰᠦᠨ ᠦ ᠬᠤᠪᠢᠰᠬᠠᠯ»᠂

thumbnail 2026.03.25 Gowi-Altai aimgiin irged YK-iin bodlogo, uil ajillagaag demjij bna 1
2026.03.25 Gowi-Altai aimgiin irged YK-iin bodlogo, uil ajillagaag demjij bna 1
ᠭᠣᠪᠢ-ᠠᠯᠲᠠᠶ ᠠᠢᠢᠮᠠᠭ ᠤᠨ ᠢᠷᠭᠡᠳ ᠶᠡᠷᠦᠩᠬᠡᠢᠢᠯᠡᠭᠴᠢ ᠢᠢᠨ ᠪᠣᠳᠤᠯᠭ᠎ᠠ᠂ ᠦᠢᠯᠡ ᠠᠵᠢᠯᠯᠠᠭ᠎ᠠ ᠢᠢ ᠳᠡᠮᠵᠢᠵᠦ ᠪᠠᠢᠢᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠭᠣᠪᠢ-ᠠᠯᠲᠠᠶ ᠠᠢᠢᠮᠠᠭ ᠲᠤ ᠬᠦᠷᠦᠯᠴᠡᠨ ᠢᠷᠡᠬᠦ ᠳᠥ ᠠᠢᠢᠮᠠᠭ ᠤᠨ ᠤᠳᠤᠷᠢᠳᠤᠯᠭ᠎ᠠ ᠨᠤᠭᠤᠳ᠂ ᠠᠯᠲᠠᠶ ᠴᠡᠷᠢᠭ ᠦᠨ ᠬᠦᠷᠢᠶᠡᠨ ᠦ ᠬᠦᠨᠳᠦᠲᠦ ᠬᠠᠷᠠᠭᠤᠯ ᠤᠭᠲᠤᠵᠤ ᠠᠪᠤᠯ᠎ᠠ᠃

ᠶᠡᠷᠦᠩᠬᠡᠢᠢᠯᠡᠭᠴᠢ ᠠᠢᠢᠮᠠᠭ ᠤᠨ ᠢᠷᠭᠡᠳ ᠲᠡᠶ ᠠᠭᠤᠯᠵᠠᠨ ᠪᠣᠳᠤᠯᠭ᠎ᠠ᠂ ᠦᠢᠯᠡ ᠠᠵᠢᠯᠯᠠᠭᠠᠨ ᠤ ᠪᠠᠨ ᠬᠡᠷᠡᠭᠵᠢᠯᠲᠡ᠂ ᠰᠠᠨᠠᠭᠠᠴᠢᠯᠠᠭᠰᠠᠨ ᠬᠥᠲᠦᠯᠪᠦᠷᠢ᠂ ᠬᠠᠤᠯᠢ᠂ ᠲᠡᠭᠦᠨ ᠦ ᠳᠣᠲᠤᠷ᠎ᠠ ᠤ᠊ ᠶᠡ᠊ ᠬᠤᠷᠠᠯ ᠤᠨ ᠭᠡᠰᠢᠭᠦᠨ ᠢ ᠡᠭᠡᠭᠦᠯᠦᠨ ᠲᠠᠲᠠᠬᠤ ᠲᠠᠶ ᠬᠣᠯᠪᠤᠭ᠎ᠠ ᠲᠠᠢ ᠬᠠᠤᠯᠢ ᠢᠢᠨ ᠲᠥᠰᠦᠯ᠂ ᠤᠯᠤᠰ ᠣᠷᠤᠨ ᠤ ᠨᠡᠢᠢᠭᠡᠮ᠂ ᠡᠳ᠋ ᠦᠨ ᠵᠠᠰᠠᠭ ᠤᠨ ᠪᠠᠢᠢᠳᠠᠯ ᠤᠨ ᠲᠠᠯ᠎ᠠ ᠪᠠᠷ ᠲᠠᠨᠢᠯᠴᠠᠭᠤᠯᠤᠯ᠎ᠠ᠃

«ᠬᠦᠨᠡᠰᠦᠨ ᠦ ᠬᠤᠪᠢᠰᠬᠠᠯ»᠂ «ᠲᠡᠷᠪᠤᠮ ᠮᠣᠳᠤ»᠂ «ᠡᠷᠡᠭᠦᠯ ᠮᠣᠩ᠋ᠭᠤᠯ ᠬᠦᠮᠦᠨ»᠂ «ᠴᠠᠭᠠᠨ ᠠᠯᠲᠠ»᠂ «ᠢᠯᠡᠭᠡᠯᠲᠡ-᠒᠑᠐᠐» ᠭᠡᠳ ᠬᠣᠭᠤᠷᠤᠨᠳᠤ ᠪᠠᠨ ᠨᠢᠭ‍ᠲᠠ ᠤᠶᠠᠯᠳᠤᠭ᠎ᠠ ᠲᠠᠶ

thumbnail 2026.03.23 HH-iin dund Uws aimgiin AAN-uud huchin chadlaa nemjee 1
2026.03.23 HH-iin dund Uws aimgiin AAN-uud huchin chadlaa nemjee 1
«ᠬᠦᠨᠡᠰᠦᠨ ᠦ ᠬᠤᠪᠢᠰᠬᠠᠯ» ᠤᠨ ᠳ᠋ᠦ᠋ᠩ ᠳᠥ ᠤᠪᠰᠤ ᠠᠢᠢᠮᠠᠭ ᠤᠨ ᠠᠵᠤ ᠠᠬᠤᠢ ᠢᠢᠨ ᠨᠢᠭᠡᠴᠡ ᠨᠤᠭᠦᠳ ᠬᠦᠴᠦᠨ ᠴᠢᠳᠠᠯ ᠢᠶᠠᠨ ᠨᠡᠮᠡᠵᠡᠶ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ «ᠬᠦᠨᠡᠰᠦᠨ ᠦ ᠬᠤᠪᠢᠰᠬᠠᠯ» ᠤᠨ ᠬᠦᠷᠢᠶᠡᠨ ᠳᠥ ᠤᠪᠰᠤ ᠠᠢᠢᠮᠠᠭ ᠲᠤ ᠦᠢᠯᠡ ᠠᠵᠢᠯᠯᠠᠭ᠎ᠠ ᠶᠠᠪᠤᠭᠤᠯᠳᠠᠭ ᠠᠵᠤ ᠠᠬᠤᠢ ᠢᠢᠨ ᠨᠢᠭᠡᠴᠡ ᠨᠤᠭᠦᠳ ᠲᠥ ᠠᠵᠢᠯᠯᠠᠯ᠎ᠠ᠃ ᠲᠡᠷᠡ ᠪᠡᠷ ᠠᠷᠠᠳ ᠢᠷᠭᠡᠳ ᠢᠶᠡᠨ ᠡᠷᠡᠭᠦᠯ᠂ ᠠᠶᠤᠯ ᠦᠭᠡᠢ ᠬᠦᠨᠡᠰᠦ ᠪᠡᠷ ᠬᠠᠩ᠋ᠭᠠᠨ᠂ ᠣᠯᠠᠨ ᠠᠵᠢᠯ ᠤᠨ ᠪᠠᠢᠢᠷᠢ ᠪᠤᠢ ᠪᠣᠯᠭᠠᠵᠤ᠂ ᠲᠠᠲᠠᠪᠤᠷᠢ ᠪᠠᠨ ᠲᠥᠯᠦᠵᠦ ᠪᠠᠢᠢᠭ᠎ᠠ ᠠᠵᠤ ᠠᠬᠤᠢ ᠢᠢᠨ ᠨᠢᠭᠡᠴᠡ᠂ ᠪᠠᠶᠠᠯᠢᠭ ᠪᠦᠲᠦᠭᠡᠭ᠍ᠴᠢᠳ ᠲᠥ ᠲᠠᠯᠠᠷᠬᠠᠯ ᠢᠯᠡᠷᠬᠡᠢᠢᠯᠡᠯ᠎ᠡ᠃

ᠶᠡᠷᠦᠩᠬᠡᠢᠢᠯᠡᠭᠴᠢ ᠢᠢᠨ ᠡᠬᠢᠯᠡᠵᠦ ᠣᠴᠢᠭᠰᠠᠨ «ᠮᠥᠩᠬᠡ ᠢᠢᠨ ᠴᠢᠨᠠᠷ» ᠬᠢᠵᠠᠭᠠᠷᠯᠠᠭᠳᠠᠮᠠᠯ ᠬᠠᠷᠢᠭᠤᠴᠠᠯᠭᠠᠲᠠᠶ ᠻᠣᠮᠫᠠᠨᠢ ᠒᠐᠑᠐ ᠣᠨ ᠠᠴᠠ ᠭᠤᠯᠢᠷ ᠤᠨ ᠪᠦᠲᠦᠭᠡᠭ᠍ᠳᠡᠬᠦᠨ᠂ ᠬᠣᠭᠤᠯᠠ᠂ ᠬᠦᠨᠡᠰᠦ᠂ ᠠᠶᠠᠯᠠᠯ ᠵᠢᠭᠤᠯᠴᠢᠯᠠᠯ ᠵᠡᠷᠭᠡ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠵᠤ ᠪᠠᠢᠢᠨ᠎ᠠ᠃

ᠻᠣᠮᠫᠠᠨᠢ

thumbnail 2026.03.23 Uws aimgiin irged YK-iin sanaachilsan undesnii hud, hut-uudiig demjij bna 1
2026.03.23 Uws aimgiin irged YK-iin sanaachilsan undesnii hud, hut-uudiig demjij bna 1
ᠤᠪᠰᠤ ᠠᠢᠢᠮᠠᠭ ᠤᠨ ᠢᠷᠭᠡᠳ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ ᠦᠨᠳᠦᠰᠦᠨ ᠦ ᠬᠥᠳᠡᠯᠭᠡᠭᠡᠨ᠂ ᠬᠥᠲᠦᠯᠪᠦᠷᠢ ᠨᠤᠭᠦᠳ ᠢ ᠳᠡᠮᠵᠢᠵᠦ ᠪᠠᠢᠢᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠤᠪᠰᠤ ᠠᠢᠢᠮᠠᠭ ᠲᠤ ᠠᠵᠢᠯᠯᠠᠬᠤ ᠪᠠᠷ ᠤᠯᠠᠭᠠᠩ᠋ᠭᠣᠮ ᠬᠣᠲᠠᠨ᠎ᠠ ᠬᠦᠷᠦᠯᠴᠡᠨ ᠢᠷᠡᠯ᠎ᠡ᠃ ᠶᠡᠷᠦᠩᠬᠡᠢᠢᠯᠡᠭᠴᠢ ᠢᠢ ᠮᠠᠷᠱᠠᠯ ᠶᠦ᠊·ᠴᠡᠳᠡᠨᠪᠠᠯ ᠤᠨ ᠨᠡᠷᠡᠮᠵᠢᠲᠦ ᠲᠠᠯᠠᠪᠠᠢ ᠳᠤ ᠠᠢᠢᠮᠠᠭ ᠤᠨ ᠤᠳᠤᠷᠢᠳᠤᠯᠭ᠎ᠠ ᠨᠤᠭᠤᠳ᠂ ᠤᠯᠠᠭᠠᠩ᠋ᠭᠣᠮ ᠴᠡᠷᠢᠭ ᠦᠨ ᠬᠦᠷᠢᠶᠡᠨ ᠦ ᠬᠦᠨᠳᠦᠲᠦ ᠬᠠᠷᠠᠭᠤᠯ ᠤᠭᠲᠤᠵᠤ ᠠᠪᠤᠯ᠎ᠠ᠃

ᠶᠡᠷᠦᠩᠬᠡᠢᠢᠯᠡᠭᠴᠢ «ᠣᠢᠢᠷᠠᠳ» ᠬᠥᠭᠵᠢᠮᠲᠦ ᠳ᠋ᠷᠠᠮ ᠤᠨ ᠲᠢᠶᠠᠲ᠋ᠷ ᠲᠤ ᠠᠷᠠᠳ ᠢᠷᠭᠡᠳ ᠲᠡᠶ ᠠᠭᠤᠯᠵᠠᠨ ᠪᠣᠳᠤᠯᠭ᠎ᠠ᠂ ᠦᠢᠯᠡ ᠠᠵᠢᠯᠯᠠᠭᠠᠨ ᠤ ᠪᠠᠨ ᠬᠡᠷᠡᠭᠵᠢᠯᠲᠡ᠂ ᠰᠠᠨᠠᠭᠠᠴᠢᠯᠠᠭᠰᠠᠨ ᠬᠥᠲᠦᠯᠪᠦᠷᠢ᠂ ᠬᠠᠤᠯᠢ᠂ ᠲᠡᠭᠦᠨ ᠦ ᠳᠣᠲᠤᠷ᠎ᠠ ᠤ᠊ ᠶᠡ᠊ ᠬᠤᠷᠠᠯ ᠤᠨ ᠭᠡᠰᠢᠭᠦᠨ ᠢ ᠡᠭᠡᠭᠦᠯᠦᠨ ᠲᠠᠲᠠᠬᠤ ᠲᠠᠶ ᠬᠣᠯᠪᠤᠭ᠎ᠠ ᠲᠠᠢ ᠬᠠᠤᠯᠢ ᠢᠢᠨ ᠲᠥᠰᠦᠯ᠂ ᠤᠯᠤᠰ ᠣᠷᠤᠨ ᠤ ᠨᠡᠢᠢᠭᠡᠮ᠂ ᠡᠳ᠋ ᠦᠨ ᠵᠠᠰᠠᠭ ᠤᠨ ᠪᠠᠢᠢᠳᠠᠯ ᠤᠨ ᠲᠠᠯ᠎ᠠ ᠪᠠᠷ ᠲᠠᠨᠢᠯᠴᠠᠭᠤᠯᠤᠯ᠎ᠠ᠃

«ᠬᠦᠨᠡᠰᠦᠨ ᠦ ᠬᠤᠪᠢᠰᠬᠠᠯ»᠂

thumbnail 2026.03.22 Bayan-Ulgii aimgiin Negdsen emneleg uy solih bolon hawdriin mes zasal hiih bolomjtoi bolloo 1
2026.03.22 Bayan-Ulgii aimgiin Negdsen emneleg uy solih bolon hawdriin mes zasal hiih bolomjtoi bolloo 1
ᠪᠠᠶᠠᠨ-ᠥᠯᠦᠬᠡᠢ ᠠᠢᠢᠮᠠᠭ ᠤᠨ ᠨᠢᠭᠡᠳᠦᠭᠰᠡᠨ ᠡᠮᠨᠡᠯᠭᠡ ᠦᠶ᠎ᠡ ᠰᠣᠯᠢᠬᠤ ᠪᠣᠯᠤᠨ ᠬᠠᠪᠤᠳᠠᠷ ᠤᠨ ᠮᠡᠰᠡ ᠵᠠᠰᠠᠯ ᠬᠢᠬᠦ ᠪᠣᠯᠤᠮᠵᠢ ᠲᠠᠶ ᠪᠣᠯᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠠᠶᠠᠨ-ᠥᠯᠦᠬᠡᠢ ᠠᠢᠢᠮᠠᠭ ᠲᠤ ᠠᠵᠢᠯᠯᠠᠬᠤ ᠦᠶ᠎ᠡ ᠪᠡᠷ ᠢᠶᠡᠨ ᠨᠢᠭᠡᠳᠦᠭᠰᠡᠨ ᠡᠮᠨᠡᠯᠭᠡ ᠢᠢᠨ ᠨᠡᠭᠡᠭᠡᠯᠲᠡ ᠳᠥ ᠣᠷᠤᠯᠴᠠᠯ᠎ᠠ᠃ ᠲᠡᠷᠡ ᠪᠡᠷ ᠶᠡᠷᠦᠩᠬᠡᠢ ᠰᠠᠢᠢᠳ ᠪᠠᠢᠢᠬᠤ ᠳᠤ ᠪᠠᠨ ᠡᠮᠨᠡᠯᠭᠡ ᠢᠢᠨ ᠨᠥᠬᠦᠴᠡᠯ ᠪᠠᠢᠢᠳᠠᠯ ᠲᠠᠶ ᠲᠠᠨᠢᠯᠴᠠᠵᠤ᠂ ᠤᠯᠠᠮ ᠢᠶᠠᠷ ᠑᠕᠐ ᠣᠷᠤ ᠲᠠᠶ ᠡᠮᠨᠡᠯᠭᠡ ᠪᠠᠷᠢᠬᠤ ᠰᠢᠢᠳᠪᠦᠷᠢ ᠭᠠᠷᠭᠠᠨ᠂ ᠰᠢᠪᠠ ᠢᠢ ᠨᠢ ᠲᠠᠯᠪᠢᠵᠤ᠂ ᠪᠦᠲᠦᠭᠡᠨ ᠪᠠᠢᠢᠭᠤᠯᠤᠯᠲᠠ ᠢᠢ ᠨᠢ ᠡᠬᠢᠯᠡᠭᠦᠯᠦᠭᠰᠡᠨ ᠶᠤᠮ᠃

ᠡᠮᠦᠨᠡᠬᠢ ᠡᠮᠨᠡᠯᠭᠡ ᠢᠢᠨ ᠪᠠᠷᠢᠯᠭ᠎ᠠ ᠠᠰᠢᠭᠯᠠᠯᠲᠠ ᠢᠢᠨ ᠬᠤᠭᠤᠴᠠᠭ᠎ᠠ ᠳᠠᠭᠤᠰᠤᠭᠰᠠᠨ᠂ ᠠᠭᠠᠷᠵᠢᠭᠤᠯᠤᠯᠲᠠ ᠢᠢᠨ ᠰᠢᠰᠲ᠋ᠧᠮ ᠦᠭᠡᠢ᠂ ᠲᠣᠨᠤᠭ ᠲᠥᠬᠦᠭᠡᠷᠦᠮᠵᠢ ᠨᠤᠭᠦᠳ ᠬᠠᠭᠤᠴᠢᠷᠠᠭᠰᠠᠨ᠂ ᠬᠠᠭᠠᠯᠭᠠᠨ ᠤ ᠭᠠᠭᠴᠠᠬᠠᠨ ᠥᠷᠦᠭᠡ ᠲᠡᠶ ᠤᠴᠢᠷ ᠶᠠᠭᠠᠷᠠᠯᠲᠠᠢ᠂ ᠲᠥᠯᠥᠪᠯᠡᠭᠡᠲᠦ ᠬᠠᠭᠠᠯᠭ᠎ᠠ ᠨᠤᠭᠤᠳ ᠬᠤᠢᠢᠰᠢᠯᠠᠭᠳᠠᠬᠤ᠂ ᠬᠤᠭᠤᠴᠠᠭ᠎ᠠ ᠠᠯᠳᠠᠬᠤ ᠵᠡᠷᠭᠡ ᠲᠣᠬᠢᠶᠠᠯᠳᠤᠯ ᠣᠯᠠᠨ ᠭᠠᠷᠳᠠᠭ

thumbnail 2026.03.22 YK Nauriiziin bayariig tohiolduulan turiin deed tsol hurteelee 1
2026.03.22 YK Nauriiziin bayariig tohiolduulan turiin deed tsol hurteelee 1
ᠶᠡᠷᠦᠩᠬᠡᠢᠢᠯᠡᠭᠴᠢ ᠤ·ᠬᠦᠷᠡᠯᠰᠦ᠋ᠬᠡ ᠨᠠᠦ᠋ᠷᠢᠽ ᠤᠨ ᠪᠠᠶᠠᠷ ᠢ ᠲᠣᠬᠢᠶᠠᠯᠳᠤᠭᠤᠯᠤᠨ ᠲᠥᠷᠦ ᠢᠢᠨ ᠳᠡᠭᠡᠳᠦ ᠴᠣᠯᠠ ᠬᠦᠷᠲᠡᠭᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠻᠠᠽᠠᠾ ᠲᠦᠮᠡᠨ ᠦ ᠨᠠᠦ᠋ᠷᠢᠽ ᠤᠨ ᠪᠠᠶᠠᠷ ᠢ ᠲᠣᠬᠢᠶᠠᠯᠳᠤᠭᠤᠯᠤᠨ ᠵᠠᠷᠯᠢᠭ ᠭᠠᠷᠭᠠᠵᠤ᠂ ᠨᠡᠷ᠎ᠡ ᠪᠦᠬᠦᠢ ᠡᠷᠬᠢᠮ ᠦᠳ ᠲᠥ ᠲᠥᠷᠦ ᠢᠢᠨ ᠳᠡᠭᠡᠳᠦ ᠴᠣᠯᠠ᠂ ᠣᠳᠤᠨ᠂ ᠮᠧᠳᠠᠯᠢ ᠬᠦᠷᠲᠡᠭᠡᠯ᠎ᠡ᠃

ᠭᠠᠪᠢᠶᠠᠲᠤ ᠪᠠᠭᠰᠢ ᠴᠣᠯᠠ ᠪᠠᠷ:

• ᠬᠡᠦᠬᠡᠳ ᠦᠨ ᠪᠠᠢᠢᠭᠤᠯᠤᠯᠭ᠎ᠠ ᠢᠢᠨ ᠠᠬᠠᠮᠠᠳ ᠠᠵᠢᠯᠲᠠᠨ᠂ «ᠬᠠᠷᠠᠭᠠᠴᠠᠶ ᠲᠥᠯᠦᠪᠰᠢᠯ» ᠲᠥᠷᠦ ᠢᠢᠨ ᠪᠤᠰᠤ ᠪᠠᠢᠢᠭᠤᠯᠤᠯᠭ᠋ ᠠ ᠢᠢᠨ ᠲᠡᠷᠢᠭᠦᠨ ᠾᠠᠪᠠᠨ᠎ ᠤ ᠳ᠋ᠣᠮᠠᠨ᠎᠂

• ᠮᠣᠩ᠋ᠭᠣᠯ ᠤᠯᠤᠰ ᠤᠨ ᠻᠣᠨ᠋ᠰᠧᠷᠸᠠᠲ᠋ᠣᠷ ᠤᠨ ᠬᠥᠭ᠍ᠵᠢᠮ ᠦᠨ ᠤᠬᠠᠭᠠᠨ ᠤ ᠲᠢᠩᠬᠢᠮ ᠦᠨ ᠵᠥᠪᠯᠡᠬᠦ ᠪᠠᠭᠰᠢ᠂ ᠳ᠋ᠣᠻᠲ᠋ᠤᠷ ᠫᠷᠣᠹᠧᠰᠰᠤᠷ ᠮᠦᠰᠠᠬᠠᠨ ᠤ ᠣᠽᠢᠯᠠ᠂

ᠭᠠᠪᠢᠶᠠᠲᠤ ᠬᠠᠤᠯᠢᠴᠢ ᠴᠣᠯᠠ ᠪᠠᠷ:

• ᠫᠷᠣᠻᠦ᠋ᠷᠤᠷ ᠤᠨ ᠭᠠᠵᠠᠷ ᠤᠨ ᠠᠬᠠᠮᠠᠳ ᠠᠵᠢᠯᠲᠠᠨ ᠾᠠᠸᠳᠠᠯ ᠤᠨ ᠮᠧᠷᠧᠢᠢᠬᠠᠨ᠂

ᠬᠦᠮᠦᠨ ᠦ ᠭᠠᠪᠢᠶᠠᠲᠤ ᠡᠮᠴᠢ ᠴᠣᠯᠠ ᠪᠠᠷ:

• «ᠰᠠᠨᠰᠠᠷ» ᠡᠮᠨᠡᠯᠭᠡ ᠢᠢᠨ