ᠠᠷᠠᠪ ᠤᠨ ᠨᠢᠭᠡᠳᠦᠭ᠍ᠰᠡᠨ ᠧᠮᠢᠷᠠᠲ᠋ᠧ ᠤᠯᠤᠰ ᠤᠠ ᠡᠯᠴᠢᠨ ᠰᠠᠢᠢᠳ ᠢᠲᠡᠭᠡᠮᠵᠢᠯᠡᠬᠦ ᠵᠢᠭᠤᠬᠤ ᠪᠢᠴᠢᠭ ᠢᠶᠡᠨ ᠡᠷᠭᠦᠨ ᠪᠠᠷᠢᠯ᠎ᠡ
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳᠥ ᠠᠷᠠᠪ ᠤᠨ ᠨᠢᠭᠡᠳᠦᠭ᠍ᠰᠡᠨ ᠧᠮᠢᠷᠠᠲ᠋ᠧ ᠤᠯᠤᠰ ᠠᠴᠠ ᠮᠣᠩ᠋ᠭᠣᠯ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠮᠦᠬᠠᠮᠧᠳ᠋ ᠠᠯᠢ – ᠭᠦᠷᠲ᠋ᠠᠰᠢ ᠠᠯᠢ – ᠨᠦᠠᠢᠮᠢ ᠢᠲᠡᠭᠡᠮᠵᠢᠯᠡᠬᠦ ᠵᠢᠭᠤᠬᠤ ᠪᠢᠴᠢᠭ᠌ ᠢᠶᠡᠨ ᠡᠷᠭᠦᠨ ᠪᠠᠷᠢᠵᠤ᠂ ᠡᠭᠦᠷᠭᠡᠲᠦ ᠠᠵᠢᠯ ᠳᠠᠭᠠᠨ ᠣᠷᠤᠯ ᠠ᠃
ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠣᠶᠠᠷ ᠣᠷᠤᠨ ᠤ ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠡᠷᠴᠢᠮᠲᠡᠢ ᠬᠥᠭ᠍ᠵᠢᠵᠦ ᠪᠠᠢᠢᠭ᠎ᠠ ᠢᠢ ᠣᠨᠴᠠᠯᠠᠵᠤ᠂ ᠠᠷᠠᠪ ᠤᠨ ᠨᠢᠭᠡᠳᠦᠭ᠍ᠰᠡᠨ ᠧᠮᠢᠷᠠᠲ᠋ᠧ ᠨᠢ ᠤᠯᠠᠭᠠᠨᠪᠠᠭᠠᠲᠤᠷ ᠬᠣᠲᠠᠨ᠎ᠠ ᠡᠯᠴᠢᠨ ᠰᠠᠢᠢᠳ ᠤᠨ ᠶᠠᠮᠤ ᠪᠠᠨ ᠳᠠᠬᠢᠨ ᠨᠡᠭᠡᠭᠡᠵᠦ ᠪᠠᠢᠢᠭ᠎ᠠ ᠨᠢ ᠲᠤᠰ ᠤᠯᠤᠰ ᠠᠴᠠ ᠬᠣᠶᠠᠷ ᠣᠷᠤᠨ ᠤ












